Title |
ᠳᠡᠯᠭᠡᠷᠡᠩᠭᠦᠢ ᠦᠭᠦᠯᠡᠪᠦᠷᠢ ᠪᠤᠯᠤᠨ ᠬᠤᠷᠢᠶᠠᠩᠭ᠋ᠤᠢ ᠦᠭᠦᠯᠡᠪᠦᠷᠢ ᠶᠢᠨ ᠲᠤᠬᠠᠢ |
Creator |
ᠡᠷᠳᠡᠨ᠋ᠢᠴᠤᠭᠯᠠ |
Keyword |
ᠳᠡᠯᠭᠡᠷᠡᠨᠭᠦᠢ ᠦᠭᠦᠯᠡᠪᠦᠷᠢ; ᠬᠤᠷᠢᠶᠠᠩᠭ᠋ᠤᠢ ᠦᠭᠦᠯᠡᠪᠦᠷᠢ; ᠬᠤᠶᠠᠷ ᠪᠦᠷᠢᠯᠳᠦᠭᠦᠨᠲᠦ ᠡᠩ ᠦᠨ ᠦᠭᠦᠯᠡᠪᠦᠷᠢ |
Abstract |
ᠣᠳᠤᠬᠠᠨ᠎ᠠ ᠡᠷᠳᠡᠮᠲᠡᠳ ᠵᠦᠪᠬᠡᠨ ᠦᠭᠦᠯᠡᠭᠳᠡᠭᠦᠨ ᠦᠭᠦᠯᠡᠭᠦᠨ ᠬᠤᠶᠠᠷ ᠠᠴᠠ ᠪᠦᠲᠦᠬᠦ ᠦᠭᠦᠯᠡᠪᠦᠷᠢ ᠶᠢ ᠬᠤᠷᠢᠶᠠᠩᠭ᠋ᠤᠢ ᠦᠭᠦᠯᠡᠪᠦᠷᠢ ᠭᠡᠵᠦ ᠰᠠᠨ᠋ᠠᠯ ᠨᠢᠭᠡᠲᠡᠢ ᠦᠵᠡᠵᠡᠭᠡᠵᠦ ᠪᠠᠢᠨ᠎ᠠ᠃ ᠳᠡᠯᠭᠡᠷᠡᠩᠭᠦᠢ ᠦᠭᠦᠯᠡᠪᠦᠷᠢ ᠶᠢᠨ ᠲᠤᠬᠠᠢ ᠶᠡᠷᠦᠩᠬᠡᠢ ᠳᠡᠭᠡᠨ ᠬᠤᠶᠠᠷ ᠵᠤᠢᠯ ᠤᠨ ᠦᠵᠡᠯᠲᠡ ᠲᠡᠢ᠃ ᠨᠢᠭᠡ ᠨᠢ ᠬᠤᠶᠠᠷ ᠭᠤᠤᠯ ᠭᠡᠰᠢᠭᠦᠨ ᠡᠴᠡ ᠭᠠᠳᠠᠨ᠎ᠠ ᠪᠤᠰᠤᠳ ᠳᠡᠳ᠋ ᠭᠡᠰᠢᠭᠦᠨ ᠣᠷᠤᠯᠴᠠᠵᠤ ᠪᠦᠲᠦᠬᠦ ᠦᠭᠦᠯᠡᠪᠦᠷᠢ ᠶᠢ ᠳᠡᠯᠭᠡᠷᠡᠩᠭᠦᠢ ᠦᠭᠦᠯᠡᠪᠦᠷᠢ ᠭᠡᠵᠦ᠂ ᠨᠦᠬᠦᠭᠡ ᠨᠢ ᠬᠤᠶᠠᠷ ᠭᠤᠤᠯ ᠭᠡᠰᠢᠭᠦᠨ ᠡᠴᠡ ᠭᠠᠳᠠᠨ᠎ᠠ ᠪᠤᠰᠤᠳ ᠳᠡᠳ᠋ ᠭᠡᠰᠢᠭᠦᠨ ᠣᠷᠤᠯᠴᠠᠭᠰᠠᠨ ᠪᠦᠲᠦᠴᠡᠲᠦ ᠦᠭᠦᠯᠡᠪᠦᠷᠢ ᠪᠤᠯᠤᠨ ᠵᠦᠪᠬᠡᠨ ᠦᠭᠦᠯᠡᠭᠦᠨ ᠢ ᠪᠤᠰᠤᠳ ᠳᠡᠳ᠋ ᠭᠡᠰᠢᠭᠦᠨ ᠢᠶᠡᠷ ᠨᠡᠮᠡᠨ ᠳᠡᠯᠭᠡᠷᠡᠭᠦᠯᠦᠭᠰᠡᠨ ᠪᠦᠲᠦᠴᠡᠲᠦ ᠦᠭᠦᠯᠡᠪᠦᠷᠢ ᠶᠢ ᠳᠡᠯᠭᠡᠷᠡᠩᠭᠦᠢ ᠦᠭᠦᠯᠡᠪᠦᠷᠢ ᠭᠡᠵᠦ ᠦᠵᠡᠵᠦ ᠪᠠᠢᠨ᠎ᠠ᠃ ᠬᠤᠶᠠᠳᠤᠭ᠋ᠠᠷ ᠦᠵᠡᠯᠲᠡ ᠶᠢ ᠮᠦᠷᠳᠡᠪᠡᠯ᠂ ᠵᠠᠷᠢᠮ ᠦᠭᠦᠯᠡᠪᠦᠷᠢ ᠨᠢ ᠦᠭᠦᠯᠡᠭᠳᠡᠭᠦᠨ ᠨᠢ ᠬᠤᠷᠢᠶᠠᠩᠭ᠋ᠤᠢᠯᠠᠭᠳᠠᠭᠰᠠᠨ ᠪᠠᠢᠲᠠᠯ᠎ᠠ ᠮᠦᠨ ᠳᠡᠯᠭᠡᠷᠡᠩᠭᠦᠢ ᠦᠭᠦᠯᠡᠪᠦᠷᠢ ᠪᠤᠯᠵᠤ ᠪᠠᠢᠬᠤ ᠳᠤ᠂ ᠵᠠᠷᠢᠮ ᠦᠭᠦᠯᠡᠪᠦᠷᠢ ᠨᠢ ᠦᠭᠦᠯᠡᠭᠳᠡᠭᠦᠨ ᠨᠢ ᠲᠤᠪᠴᠢᠯᠠᠭᠳᠠᠭᠰᠠᠨ ᠦᠭᠡᠢ ᠪᠠᠢᠲᠠᠯ᠎ᠠ ᠬᠠᠷᠢᠨ ᠬᠤᠷᠢᠶᠠᠩᠭ᠋ᠤᠢ ᠦᠭᠦᠯᠡᠪᠦᠷᠢ ᠪᠤᠯᠵᠤ ᠳᠡᠯᠭᠡᠷᠡᠩᠭᠦᠢ ᠦᠭᠦᠯᠡᠪᠦᠷᠢ ᠪᠤᠯᠵᠤ ᠴᠢᠳᠠᠳᠠᠭ ᠦᠭᠡᠢ ᠪᠤᠳᠤᠯᠢᠶᠠᠨᠲᠤ ᠪᠠᠢᠳᠠᠯ ᠡᠭᠦᠰᠦᠨ᠎ᠡ᠃ ᠲᠤᠰ ᠦᠭᠦᠯᠡᠯ ᠳᠦ ᠵᠦᠪᠬᠡᠨ ᠬᠤᠶᠠᠷ ᠪᠦᠷᠢᠯᠳᠦᠭᠦᠨᠲᠦ ᠡᠩ ᠦᠨ ᠦᠭᠦᠯᠡᠪᠦᠷᠢ ᠶᠢᠨ ᠬᠡᠪᠴᠢᠶᠡᠨ ᠳᠦ ᠰᠠᠶᠢ ᠳᠡᠯᠭᠡᠷᠡᠨᠭᠦᠢ ᠬᠤᠷᠢᠶᠠᠩᠭ᠋ᠤᠢ ᠦᠭᠦᠯᠡᠪᠦᠷᠢ ᠭᠡᠵᠦ ᠬᠤᠪᠢᠶᠠᠪᠠᠯ ᠵᠤᠬᠢᠨ᠎ᠠ ᠭᠡᠵᠦ ᠦᠵᠡᠪᠡ᠃ |
Original Literature |
No Original Paper
|
出自 |
内蒙古民族大学学报(社会科学)
2001年
第4期
|