Abstract |
ᠵᠣᠬᠢᠶᠠᠯᠴᠢ ᠰᠤᠷᠲᠠᠯᠲᠤ᠂1934ᠣᠨ ᠤ ᠪᠢᠯᠢᠭ ᠤᠨ ᠤᠯᠠᠷᠢᠯ ᠤᠨ ᠬᠤᠶᠠᠳᠤᠭᠠᠷ ᠰᠠᠷ ᠠ ᠶᠢᠨ 13 ᠤ ᠡᠳᠦᠷ ᠦᠪᠦᠷ ᠮᠣᠩᠭᠤᠯ ᠤᠨ ᠵᠢᠷᠢᠮ ᠠᠢᠮᠠᠭ ᠤᠨ ᠬᠠᠷᠭᠤ ᠰᠢᠪᠡᠭᠡ ᠭᠠᠴᠠᠭ᠎ᠠ ᠶᠢᠨ ᠡᠮᠦᠨ᠎ᠠ ᠭᠠᠷᠬᠤ ᠠᠢᠯ ᠤᠨ ᠡᠩ ᠤᠨ ᠨᠢᠭᠡᠨ ᠲᠠᠷᠢᠶᠠᠴᠢᠨ ᠤ ᠭᠤᠷᠪᠠᠳᠤᠭᠠᠷ ᠬᠦ ᠪᠣᠯᠤᠨ ᠡᠬᠢᠯᠠᠨ ᠵᠠᠶᠠᠭᠠᠬᠤ ᠳ᠋ᠠᠭᠠᠨ᠂ ᠡᠷᠡᠰ ᠬᠠᠳᠠᠨ᠂ ᠰᠢᠯᠤᠭᠤᠨ ᠰᠢᠭᠤᠳᠮᠠᠭᠠᠢ ᠵᠠᠩ ᠴᠢᠨᠠᠷ ᠲᠠᠢ ᠡᠴᠢᠭᠡ ᠲᠤᠷᠵᠢ ᠪᠡ ᠡᠨᠡᠷᠢᠩᠬᠦᠢ ᠴᠠᠭᠠᠨ ᠰᠡᠳᠬᠢᠯ ᠲᠠᠢ ᠡᠬᠡ ᠰᠢᠶᠩᠮᠧᠢ ᠪᠠᠨ ᠨᠢᠨᠢᠶᠡᠯᠭᠡᠨ ᠪᠠᠶᠠᠰᠬᠠᠵᠠᠢ᠃ ᠠᠬ᠎ᠠ ᠲᠡᠭᠦᠦ ᠤᠯᠠᠨᠲᠠᠢ ᠠᠮᠢᠳᠤᠷᠠᠯ ᠬᠦᠴᠦᠷᠲᠡᠢ ᠤᠴᠢᠷ᠂ ᠲᠤᠯᠤᠭᠠᠨ ᠨᠠᠰᠤᠨ ᠡᠴᠡ ᠪᠠᠨ ᠡᠬᠢᠯᠡᠵᠦ᠂ ᠠᠢᠯ ᠤᠨ ᠮᠠᠯ ᠢ ᠬᠠᠷᠢᠭᠤᠯᠵᠤ᠂ ᠠᠠᠷᠪᠠᠨ ᠭᠤᠷᠪᠠᠲᠠᠢ ᠳ᠋ᠠᠭᠠᠨ ᠪᠠᠶᠠᠨ ᠤ ᠭᠡᠷ ᠲᠦ ᠬᠠᠭᠠᠰ ᠬᠦᠴᠦ ᠶᠠᠪᠤᠵᠦ᠂ ᠠᠮᠢᠳᠤᠷᠠᠯ ᠤᠨ ᠪᠡᠷᠭᠡ ᠠᠵᠢᠯ ᠤᠨ ᠬᠠᠳᠠᠭᠤ ᠳ᠋ᠤ ᠬᠠᠷᠠᠬᠠᠨ ᠪᠠᠭ ᠡ ᠡᠴᠨ ᠪᠠᠨ ᠬᠠᠯᠠ ᠠᠮᠰᠠᠨ ᠬᠠᠳᠠᠭᠠᠭᠳᠠᠨ ᠶᠠᠪᠤᠵᠠᠢ᠃ |