Paper Information


Title 《ᠮᠤᠩᠭ᠋ᠤᠯ ᠤᠨ ᠨᠢᠭᠤᠴᠠ ᠲᠤᠪᠴᠢᠶᠠᠨ》ᠳ᠋ᠡᠬᠢ ᠬᠠᠮᠤᠭ ᠲᠡᠭᠡᠳᠦ ᠵᠡᠷᠭᠡ ᠬᠡᠷᠬᠡᠮ ᠲᠠᠢ ᠬᠤᠯᠪᠤᠭᠳᠠᠬᠤ ᠨᠡᠷ᠎ᠡ ᠦᠭᠡ ᠶᠢᠨ ᠤᠴᠢᠷ
Creator ᠰᠢᠶᠠᠩ ᠯᠢᠶᠠᠨ
Keyword 《ᠮᠤᠩᠭ᠋ᠤᠯ ᠤᠨ ᠨᠢᠭᠤᠴᠠ ᠲᠤᠪᠴᠢᠶᠠᠨ》;《ᠬᠠᠨ᠂ ᠬᠠᠭᠠᠨ᠂ ᠬᠦᠷ ᠬᠠ᠂ ᠡᠵᠡᠨ᠂ ᠨᠤᠶᠠᠨ》
Abstract 《ᠮᠤᠩᠭ᠋ᠤᠯ ᠤᠨ ᠨᠢᠭᠤᠴᠠ ᠲᠤᠪᠴᠢᠶᠠᠨ》ᠳ᠋ᠤ《Han》ᠭᠡᠳᠡᠭ ᠨᠢ《ᠬᠠᠨ᠂  ‍ᠬᠠᠨ》ᠭᠡᠬᠦ ᠬᠤᠶᠠᠷ ᠬᠡᠯᠪᠡᠷᠢ ᠪᠡᠷ ᠲᠡᠮᠳᠡᠭᠯᠡᠭᠳᠡᠵᠦ ᠲᠦᠷᠪᠡᠨ ᠤᠨᠳᠤᠤ ᠤᠳᠬ᠎ᠠ ᠪᠡᠷ ᠬᠡᠷᠡᠭᠯᠡᠭᠳᠡᠳᠡᠭ᠃《ᠬᠠᠨ》ᠴᠤᠯᠠ ᠨᠢ ᠨᠤᠶᠠᠷᠬᠠᠭᠴᠢ ᠠᠩᠭᠢ ᠶᠢᠨ ᠬᠠᠮᠤᠭ ᠲᠡᠭᠡᠳᠦ ᠬᠡᠷᠬᠡᠮ ᠴᠤᠯᠠ ᠲᠠᠢ ᠬᠤᠯᠪᠤᠭᠳᠠᠬᠤ ᠦᠭᠡ ᠮᠦᠨ᠃ ᠡᠳᠡᠭᠡᠷ ᠦᠭᠡ ᠨᠢ ᠤᠯᠠᠩᠬᠢ ᠳ᠋ᠠᠭᠠᠨ ᠬᠤᠳᠬᠤᠭᠳᠠᠨ ᠬᠡᠷᠡᠭᠯᠡᠭᠳᠡᠵᠦ᠂《ᠬᠠᠭᠠᠨ᠂ ᠬᠠᠨ᠂  ‍ᠬᠠᠨ᠂ ᠬᠠ(合)ᠨᠢ ᠤᠷᠤᠨ ᠪᠠᠢ᠌ᠷᠢ ᠰᠤᠯᠢᠭᠳᠠᠳᠠᠭ᠃ ᠦᠭᠦᠯᠡᠯ ᠳᠤ《ᠬᠠᠨ᠂ ᠬᠠᠭᠠᠨ᠂ ᠬᠦᠷ ᠬᠠ᠂ ᠡᠵᠡᠨ》ᠵᠡᠷᠭᠡ ᠦᠭᠡ ᠶᠢᠨ ᠬᠡᠷᠡᠭᠯᠡᠭᠳᠡᠭᠰᠡᠨ ᠦᠭᠦᠯᠡᠪᠦᠷᠢ ᠶᠢᠨ ᠤᠷᠴᠢᠨ ᠲᠤᠭᠤᠷᠢᠨ ᠡᠴᠡ ᠡᠭᠦᠰᠴᠦ《ᠲᠤᠪᠴᠢᠶᠠᠨ》ᠳ᠋ᠤ《ᠬᠠᠨ》ᠬᠠᠮᠤᠭ ᠬᠦᠨᠳᠦ ᠤᠳᠬ᠎ᠠ ᠪᠡᠷ ᠬᠡᠷᠡᠭᠯᠡᠭᠳᠡᠵᠦ᠂ ᠲᠠᠷᠠᠭ᠎ᠠ ᠨᠢ《ᠬᠠ(合)ᠪᠠᠢ᠌ᠵᠤ᠂ ᠭᠤᠷᠪᠠᠳᠤᠭᠠᠷ ᠲᠤ《ᠡᠵᠡᠨ》ᠭᠡᠰᠡᠨ ᠨᠢ ᠮᠤᠩᠭ᠋ᠤᠯ ᠬᠡᠯᠡᠨ ᠤ ᠤᠷᠴᠢᠨ ᠳᠤ〈ᠦᠮᠴᠢᠯᠡᠭᠴᠢ〉ᠭᠡᠰᠡᠨ ᠤᠳᠬ᠎ᠠ ᠲᠠᠢ ᠪᠡᠷ《ᠠᠳᠤᠭᠤ ᠶᠢᠨ ᠡᠵᠡᠨ》ᠭᠡᠵᠦ《ᠬᠠᠭᠠᠨ》ᠲᠠᠢ ᠢᠯᠭᠠᠭᠳᠠᠬᠤ ᠪᠤᠶᠤ ᠲᠡᠭᠦᠨ ᠡᠴᠡ ᠬᠡᠷᠡᠭᠯᠡᠭᠳᠡᠬᠦ ᠬᠡᠪᠴᠢᠶ᠎ᠡ ᠨᠢ ᠨᠡᠩ ᠲᠦᠭᠡᠮᠡᠯ ᠪᠠ ᠡᠩ ᠤᠨ ᠲᠦᠪᠰᠢᠨ ᠳ᠋ᠡᠬᠢ ᠤᠳᠬ᠎ᠠ ᠶᠢ ᠢᠯᠡᠳᠭᠡᠬᠦ ᠶᠢ ᠲᠤᠳᠤᠯᠠᠪᠠ᠃《ᠨᠤᠶᠠᠨ》ᠨᠢ ᠬᠡᠳᠦᠢ᠌ᠪᠡᠷ《ᠬᠤᠪᠢᠯᠠᠢ ᠨᠤᠶᠠᠨ》ᠭᠡᠵᠦ ᠪᠠᠢ᠌ᠭᠰᠠᠨ ᠴᠤ《ᠬᠠᠨ᠂ ᠬᠠᠭᠠᠨ᠂ ᠬᠠ᠂ ᠡᠵᠡᠨ》ᠡᠴᠡ ᠲᠤᠤᠷ᠎ᠠ ᠲᠦᠰᠢᠮᠡᠯ ᠰᠠᠢ᠌ᠳ ᠤᠨ ᠵᠡᠷᠭᠡ ᠪᠤᠯᠬᠤ ᠶᠢ ᠰᠢᠨᠵᠢᠯᠡᠪᠡ᠃
Original Literature View Original Paper
出自 内蒙古社会科学(蒙文版) 2013年 第4期

联系我们


内蒙古大学图书馆
呼和浩特市大学西路235号
中国·内蒙古
P: (0471) 4992561
E: huangfeilong@imu.edu.cn