Paper Information


Title ᠴᠢᠩᠬᠢᠰ ᠤᠨ ᠪᠢᠯᠢᠭ ᠢ ᠰᠣᠳᠤᠯᠬᠤ ᠠᠴᠢ ᠬᠤᠯᠪᠤᠭᠳᠠᠯ ᠤᠨ ᠲᠣᠬᠠᠢ ᠲᠤᠭᠲᠠᠮ ᠵᠦᠪᠯᠡᠯᠭᠡ——ᠴᠢᠩᠬᠢᠰ ᠬᠠᠭᠠᠨ ᠤᠮᠡᠨᠳᠦᠯᠡᠭᠰᠡᠨ 830 ᠵᠢᠯ ᠤᠨ ᠤᠢ ᠳ᠋ᠤ ᠵᠤᠷᠢᠭᠤᠯᠪᠠ
Creator ᠭᠡ‍•ᠮᠦᠩᠬᠡ
Keyword
Abstract ᠨᠢᠭᠡ᠂ ᠲᠡᠦᠬᠡ ᠶᠢᠨ ᠬᠤᠪᠢ ᠳ᠋ᠤ ᠴᠢᠩᠬᠢᠰ ᠬᠠᠭᠠᠨ ᠤ ᠲᠡᠦᠭᠡᠲᠦ ᠭᠡᠷᠡᠭ ᠶᠠᠪᠤᠳᠠᠯ ᠪᠠ ᠦᠷ ᠡ ᠨᠦᠯᠦᠭᠡ ᠵᠢ ᠦᠨᠳᠦᠰᠦᠨ ᠳ᠋ᠡᠭᠡᠨ ᠬᠤᠶᠠᠷ ᠲᠠᠯ ᠠ ᠡᠴᠡ ᠰᠢᠨᠵᠢᠵᠦ ᠪᠣᠯᠤᠨ᠎ᠠ᠃ ᠨᠢᠭᠡ ᠨᠢ ᠲᠡᠭᠦᠨ ᠤ ᠦᠢᠯᠡᠳᠦᠭᠰᠡᠨ ᠪᠡᠳᠠᠳᠤ ᠲᠡᠦᠬᠡ ᠶᠢᠨ ᠭᠡᠷᠡᠭ ᠦᠢᠯᠡᠰ ᠪᠠ ᠦᠷ ᠡ ᠳ᠋ᠦᠩ ᠪᠣᠯᠤᠨ᠎ᠠ᠃ᠲᠠᠷᠢ ᠨᠡᠢᠭᠡᠮ ᠤᠨ ᠦᠢᠯᠡᠳᠦᠯᠭᠡ ᠶᠢᠨ ᠲᠠᠯ ᠠ ᠡᠴᠡ ᠣᠳᠤᠷ ᠨᠡᠭᠦᠳᠡᠯ ᠤᠨ ᠨᠡᠢᠭᠡᠮ ᠤᠨ ᠤᠷᠴᠢᠯ ᠬᠤᠪᠢᠷᠠᠯ ᠢ ᠠᠬᠢᠭᠤᠯᠵᠤ᠂ ᠪᠣᠳᠠᠰ ᠤᠨ ᠪᠣᠯᠪᠠᠰᠤᠨ  ᠤᠪᠦᠲᠦᠮᠵᠢ ᠪᠡᠷ ᠮᠣᠩᠭᠤᠯ ᠦᠨᠳᠦᠰᠦᠲᠡᠨ ᠤ ᠪᠦᠷᠢᠯᠳᠦᠨ ᠲᠤᠭᠳᠠᠨᠢᠬᠤ᠂ ᠴᠢᠨᠠᠭᠰᠢᠯᠠᠨ ᠦᠭᠡᠳᠡᠯᠡᠨ ᠬᠦᠭᠵᠢᠬᠦ ᠳ᠋ᠤ ᠪᠠᠲᠤ ᠪᠡᠬᠢ ᠰᠠᠭᠤᠷᠢ ᠵᠢ ᠲᠠᠯᠪᠢᠵᠦ ᠦᠭᠭᠦᠭᠰᠡᠨ ᠶᠠᠪᠤᠳᠠᠯ ᠪᠣᠯᠤᠨ᠎ᠠ᠃ ᠨᠦᠬᠦᠭᠡ ᠨᠢᠭᠡ ᠨᠢ ᠮᠠᠯ ᠠᠵᠤ ᠠᠬᠤᠢ ᠶᠢᠨ ᠰᠠᠭᠤᠷᠢ ᠲᠡᠭᠡᠷ ᠡ ᠴᠡᠷᠢᠭ ᠲᠠᠢᠨ ᠤ ᠬᠡᠯᠪᠡᠷᠢ ᠪᠡᠷ ᠭᠤᠤᠯ ᠪᠣᠯᠭᠠᠭᠰᠠᠨ ᠨᠡᠢᠭᠡᠮ ᠤᠨ ᠦᠢᠯᠡᠳᠦᠯᠭᠡ ᠵᠢ ᠵᠢᠯᠤᠭᠤᠳᠤᠭᠰᠠᠨ ᠦᠵᠡᠯ ᠰᠠᠨᠠᠭ᠎ ᠠ᠂ ᠲᠡᠦᠬᠡᠲᠦ ᠲᠤᠷᠰᠢᠯᠠᠭ᠎ᠠ ᠰᠤᠷᠭᠠᠮᠵᠢ ᠵᠢ ᠳ᠋ᠦᠩᠨᠡᠭᠰᠡᠨ ᠰᠡᠳᠬᠢᠬᠦᠢ ᠶᠢᠨ ᠤᠯᠠ ᠮᠦᠷ᠂ ᠣᠨᠴᠠᠯᠢᠭ ᠵᠢᠴᠢ ᠦᠷ ᠠ ᠪᠦᠲᠦᠭᠡᠯ ᠪᠣᠯᠤᠨ᠎ᠠ᠃ ᠲᠠᠷᠤᠢ ᠤᠶᠠᠨ ᠤ ᠪᠣᠯᠪᠠᠰᠤᠨ ᠤ ᠲᠠᠯ ᠠ ᠡᠴᠡ ᠨᠡᠭᠦᠳᠡᠯᠴᠢᠨ ᠦᠨᠳᠦᠰᠦᠲᠡᠨ ᠤ ᠰᠣᠶᠣᠯ ᠤᠨ ᠲᠦᠪᠰᠢᠨ ᠢ ᠦᠨᠳᠦᠷᠵᠢᠭᠦᠯᠦᠨ᠂ ᠮᠣᠩᠭᠤᠯᠴᠤᠳ ᠤᠨ ᠦᠵᠡᠯ ᠤᠬᠠᠮᠰᠠᠷ ᠢ ᠰᠢᠰᠲ᠋ᠸᠮᠵᠢᠬᠦᠯᠦᠨ᠂ ᠮᠣᠩᠭᠤᠯ  ᠤᠨ ᠭᠦᠨ ᠤᠬᠠᠭᠠᠨ ᠤ ᠦᠵᠡᠯ ᠰᠠᠨᠠᠭ᠎ᠠ ᠵᠢ ᠲᠦᠯᠦᠪᠰᠢᠷᠣᠭᠦᠯᠦᠭᠰᠡᠨ ᠶᠠᠪᠤᠳᠠᠯ ᠪᠣᠯᠤᠨ᠎ᠠ᠃
Original Literature No Original Paper
出自 内蒙古师范大学学报 1992年 第3期

联系我们


内蒙古大学图书馆
呼和浩特市大学西路235号
中国·内蒙古
P: (0471) 4992561
E: huangfeilong@imu.edu.cn