Paper Information


Title 《ᠦᠷᠦᠴᠡ ᠶᠢᠨ ᠪᠠᠯᠴᠢᠷ》 ᠢ ᠰᠡᠳᠡᠬᠦ ᠠᠷᠭ᠎ᠠ ᠪᠠᠷ 《ᠵᠢᠷᠦᠬᠡᠨ ᠦ ᠪᠠᠵᠠᠯᠠᠯ》 ᠪᠠ 《ᠬᠤᠳᠤᠭᠤᠳᠤᠨ ᠤ ᠳᠠᠳᠠᠯᠳᠤᠯ》 ᠢ ᠵᠠᠰᠠᠬᠤ ᠦᠨᠳᠦᠰᠦᠯᠡᠯ ᠦᠨ ᠲᠤᠬᠠᠢ ᠳᠠᠬᠢᠨ ᠦᠭᠦᠯᠡᠬᠦ ᠨᠢ
Creator ᠳ᠋‍‌ · ᠬᠦᠭᠵᠢᠯᠲᠦ; ᠡᠦ ᠮᠠᠨ ᠰᠢᠶᠠᠩ
Keyword ᠦᠷᠦᠴᠡ ᠶᠢᠨ ᠪᠠᠯᠴᠢᠷ; ᠮᠣᠩᠭᠤᠯ ᠡᠮᠨᠡᠯᠭᠡ ᠶᠢᠨ ᠵᠠᠰᠠᠯ ᠤᠨ ᠤᠬᠠᠭᠠᠨ; ᡁᠢ ᠶᠠᠩ ᠪᠠᠯᠴᠢᠷ;ᠬᠢᠲᠠᠳ ᠡᠮᠨᠡᠯᠭᠡ ᠶᠢᠨ ᠵᠡᠭᠦᠦ ᠲᠦᠭᠡᠨᠡᠯᠭᠡ ᠶᠢᠨ ᠤᠬᠠᠭᠠᠨ; ᠵᠢᠷᠦᠬᠡᠨ ᠦ ᠪᠠᠵᠠᠯᠠᠯ; ᠡᠸᠦ᠋ᠷᠦᠫᠡ ᠡᠮᠨᠡᠯᠭᠡ ᠶᠢᠨ ᠣᠨᠣᠰᠢ; ᠬᠤᠳᠤᠭᠤᠳᠤᠨ ᠤ ᠳᠠᠳᠠᠯᠳᠤᠯ; ᠡᠸᠦ᠋ᠷᠦᠫᠡ ᠡᠮᠨᠡᠯᠭᠡ ᠶᠢᠨ ᠣᠨᠣᠰᠢ
Abstract ᠡᠮᠴᠢᠯᠡᠭᠡᠨ ᠳᠦ ᠬᠡᠷᠡᠭᠯᠡᠭᠰᠡᠨ ᠪᠤᠳᠠᠲᠤ ᠵᠢᠱᠢᠶ᠎ᠡ᠂ ᠵᠢᠷᠦᠬᠡ ᠪᠤᠯᠤᠨ ᠬᠤᠳᠤᠭᠤᠳᠤᠨ ᠤ ᠬᠤᠭᠤᠷᠤᠨᠳᠤᠬᠢ ᠬᠠᠷᠢᠴᠠᠭ᠎ᠠ᠂ ᠵᠢᠴᠢ ᠮᠣᠩᠭᠤᠯ ᠡᠮᠨᠡᠯᠭᠡ ᠶᠢᠨ ᠰᠤᠷᠪᠤᠯᠵᠢ ᠪᠢᠴᠢᠭ ᠲᠦ ᠬᠢ ᠲᠡᠮᠳᠡᠭᠯᠡᠯ ᠵᠡᠷᠭᠡ ᠶᠢ ᠡᠮᠬᠢᠳᠭᠡᠨ ᠰᠢᠨᠵᠢᠯᠡᠬᠦ ᠪᠡᠷ ᠳᠠᠮᠵᠢᠨ᠂ ᠮᠣᠩᠭᠤᠯ ᠡᠮᠨᠡᠯᠭᠡ ᠶᠢᠨ 《ᠦᠷᠦᠴᠡ ᠶᠢᠨ ᠪᠠᠯᠴᠢᠷ》(ᠡᠨᠡ ᠨᠢ ᠬᠢᠲᠠᠳ ᠡᠮᠨᠡᠯᠭᠡ ᠶᠢᠨ ᡁᠢ ᠶᠠᠩ ᠪᠠᠯᠴᠢᠷ ᠯᠦᠭᠡ ᠲᠤᠬᠢᠷᠠᠯᠴᠠᠨ᠎ᠠ) ᠢ ᠰᠡᠳᠡᠬᠦ (ᠰᠡᠳᠦᠬᠦ)᠎ ᠠᠷᠭ᠎ᠠ ᠪᠠᠷ 《ᠵᠢᠷᠦᠬᠡᠨ ᠦ ᠪᠠᠵᠠᠯᠠᠯ》 ᠪᠠ 《ᠬᠤᠳᠤᠭᠤᠳᠤᠨ ᠤ ᠳᠠᠳᠠᠯᠳᠤᠯ》 ᠢ ᠵᠠᠰᠠᠵᠤ ᠪᠤᠯᠬᠤ ᠲᠤᠬᠠᠢ ᠰᠤᠷᠪᠤᠯᠵᠢ ᠪᠢᠴᠢᠭ ᠦᠨ ᠪᠠ ᠣᠨᠣᠯ ᠤᠨ ᠪᠠᠷᠢᠮᠲᠠ ᠶᠢ ᠨᠢ ᠡᠷᠢᠵᠦ ᠭᠠᠷᠭᠠᠪᠠ᠃ ᠡᠭᠦᠨ ᠦ ᠬᠠᠮᠲᠤ᠂ ᠬᠢᠲᠠᠳ ᠡᠮᠨᠡᠯᠭᠡ ᠪᠡ ᠡᠸᠦ᠋ᠷᠦᠫᠡ ᠡᠮᠨᠡᠯᠭᠡ ᠶᠢᠨ ᠬᠠᠮᠢᠶ᠎ᠠ ᠪᠦᠬᠦᠢ ᠰᠤᠳᠤᠯᠭᠠᠨ ᠤ ᠦᠷ᠎ᠡ ᠪᠦᠲᠦᠭᠡᠯ ᠲᠡᠢ ᠤᠶᠠᠯᠳᠤᠭᠤᠯᠤᠨ᠂ ᠲᠡᠭᠦᠨ ᠦ ᠦᠢᠯᠡᠳᠦᠯ ᠦᠵᠡᠭᠦᠯᠳᠡᠭ ᠤᠭ ᠶᠤᠰᠤ ᠶᠢ ᠨᠢ ᠬᠠᠢᠨ ᠰᠢᠨᠵᠢᠯᠡᠵᠡᠢ᠃ ᠵᠤᠬᠢᠶᠠᠭᠴᠢ ᠶᠢᠨ ᠦᠵᠡᠬᠦ ᠪᠡᠷ᠂ ᠴᠤᠴᠢᠮᠠᠭ ᠴᠢᠨᠠᠷ ᠲᠠᠢ 《ᠵᠢᠷᠦᠬᠡᠨ ᠦ ᠪᠠᠵᠠᠯᠠᠯ》 ᠡᠭᠦᠰᠦᠭᠰᠡᠨ ᠦᠶ᠎ᠡ ᠳᠦ 《ᠦᠷᠦᠴᠡ ᠶᠢᠨ ᠪᠠᠯᠴᠢᠷ》 ᠢ ᠰᠡᠳᠡᠬᠦ (ᠳᠠᠷᠤᠵᠤ ᠨᠤᠬᠤᠯᠠᠬᠤ᠂ ᠬᠠᠳᠬᠤᠬᠤ᠂ ᠲᠦᠭᠡᠨᠡᠬᠦ ᠁ ᠵᠡᠷᠭᠡ》 ᠠᠷᠭ᠎ᠠ ᠶᠢ ᠨᠢᠭᠡ ᠵᠤᠢᠯ ᠤᠨ ᠪᠠᠴᠢᠮ ᠠᠪᠤᠷᠠᠯᠲᠠ ᠶᠢᠨ ᠠᠷᠭ᠎ᠠ ᠪᠤᠯᠭᠠᠨ ᠬᠡᠷᠡᠭᠯᠡᠵᠦ ᠪᠤᠯᠤᠨ᠎ᠠ᠃ ᠴᠤᠴᠢᠮᠠᠭ ᠴᠢᠨᠠᠷ ᠲᠠᠢ ᠵᠢᠷᠦᠬᠡᠨ ᠪᠤᠯᠴᠢᠩ ᠤᠨ ᠲᠦᠭᠵᠢᠷᠡᠯ ᠡᠴᠡ ᠪᠤᠯᠤᠭᠰᠠᠨ ᠴᠡᠭᠡᠵᠢᠨ ᠦ ᠬᠡᠰᠡᠭ ᠦᠨ ᠡᠪᠳᠦᠯ ᠢ ᠪᠤᠯ 《ᠴᠤᠴᠢᠮᠠᠭ ᠴᠢᠨᠠᠷ ᠲᠠᠢ ᠵᠢᠷᠦᠬᠡᠨ ᠪᠤᠯᠴᠢᠩ ᠤᠨ ᠲᠦᠭᠵᠢᠷᠡᠯ》 ᠢ ᠵᠠᠰᠠᠬᠤ ᠠᠷᠭ᠎ᠠ ᠪᠠᠷ ᠰᠢᠢᠳᠪᠦᠷᠢᠯᠡᠬᠦ ᠶᠢᠨ ᠬᠠᠮᠲᠤ᠂ 《ᠦᠷᠦᠴᠡ ᠶᠢᠨ ᠪᠠᠯᠴᠢᠷ》 ᠢ ᠰᠡᠳᠡᠬᠦ (ᠰᠡᠳᠦᠬᠦ᠎) ᠠᠷᠭ᠎ᠠ ᠶᠢ ᠬᠠᠪᠰᠤᠷᠤᠭᠤᠯᠵᠤ ᠪᠤᠯᠤᠨ᠎ᠠ᠃ 《ᠬᠤᠳᠤᠭᠤᠳᠤᠨ ᠤ ᠳᠠᠳᠠᠯᠳᠤᠯ》 ᠡᠭᠦᠰᠦᠭᠰᠡᠨ ᠦᠶ᠎ᠡ ᠳᠦ ᠪᠤᠯ᠂ ᠶᠠᠭᠤᠨ ᠤ ᠤᠷᠢᠳ 《ᠦᠷᠦᠴᠡ ᠶᠢᠨ ᠪᠠᠯᠴᠢᠷ》 ᠢ ᠳᠠᠷᠤᠵᠤ ᠨᠤᠬᠤᠯᠠᠬᠤ ᠮᠡᠲᠦ ᠶᠢᠨ ᠰᠡᠳᠡᠬᠦ (ᠰᠡᠳᠦᠬᠦ) ᠠᠷᠭ᠎ᠠ ᠪᠠᠷ ᠳᠠᠳᠠᠯᠳᠤᠯ ᠵᠢᠭᠤᠷᠠᠯᠲᠠ ᠶᠢ ᠨᠢ ᠲᠠᠯᠪᠢᠭᠤᠯᠵᠤ᠂ ᠳᠠᠷᠠᠭ᠎ᠠ ᠨᠢ ᠰᠠᠶᠢ ᠳᠠᠳᠠᠯᠳᠤᠯ ᠵᠢᠭᠤᠷᠠᠯᠲᠠ ᠶᠢ ᠡᠭᠦᠰᠭᠡᠭᠰᠡᠨ ᠤᠤᠯ ᠡᠪᠡᠳᠴᠢᠨ ᠢ ᠪᠤᠳᠠᠲᠤ ᠪᠠᠢᠳᠠᠯ ᠳᠤ ᠨᠢ ᠵᠤᠬᠢᠴᠠᠭᠤᠯᠤᠨ ᠵᠠᠰᠠᠪᠠᠯ ᠵᠤᠬᠢᠨ᠎ᠠ᠃
Original Literature No Original Paper
出自 内蒙古民族大学学报(蒙医药学) 2015年 第1期

联系我们


内蒙古大学图书馆
呼和浩特市大学西路235号
中国·内蒙古
P: (0471) 4992561
E: huangfeilong@imu.edu.cn