Title |
《ᠤᠯᠠᠭᠠᠨ ᠡᠬᠦᠯᠡᠨ ᠤ ᠨᠢᠯᠪᠤᠰᠤᠨ》᠋ ᠤ ᠵᠤᠬᠢᠶᠠᠭᠳᠠᠭᠰᠠᠨ ᠴᠠᠭ ᠤᠨ ᠲᠤᠬᠠᠢ |
Creator |
ᠡᠤ ᠶᠦᠸᠸ |
Keyword |
《ᠤᠯᠠᠭᠠᠨ ᠡᠬᠦᠯᠡᠨ ᠤ ᠨᠢᠯᠪᠤᠰᠤᠨ》; ᠵᠤᠬᠢᠶᠠᠭᠳᠠᠭᠰᠠᠨ ᠴᠠᠭ;《 ᠰᠤᠯᠠ ᠰᠢᠯᠦᠭᠯᠡᠯ》;《ᠦᠩᠭᠡᠳᠤ ᠰᠤᠯᠤᠩᠭ᠎ᠠ ᠰᠢᠩᠭᠡᠪᠡᠢ》; ᠦᠭᠡᠷᠴᠢᠨ ᠬᠦᠪᠡᠬᠦᠨ ᠤ ᠲᠠᠭᠤᠯᠠᠯ |
Abstract |
ᠢᠨᠵᠠᠨᠨᠠᠰᠢ ᠶᠢᠨ ᠦᠪᠡᠷ ᠤᠨ ᠦᠩᠭᠡᠷᠡᠯᠳᠡ ᠪᠠᠷ ᠶᠢᠡᠨ ᠪᠤᠷᠤ ᠮᠠᠲ᠋ᠸᠷᠢᠶᠠᠯ ᠪᠤᠯᠭᠠᠨ ᠲᠤᠭᠤᠷᠪᠢᠨ ᠪᠢᠴᠢᠭᠰᠡᠨ《ᠤᠯᠠᠭᠠᠨ ᠡᠬᠦᠯᠡᠨ ᠤ ᠨᠢᠯᠪᠤᠰᠤᠨ》 ᠭᠡᠬᠦ ᠷᠤᠮᠠᠨ ᠤ ᠵᠤᠬᠢᠶᠠᠭᠳᠠᠭᠰᠠᠨ ᠴᠠᠭ ᠨᠢ ᠤᠳᠤᠬᠠᠨ ᠪᠤᠯᠳᠠᠯ ᠬᠠᠷᠠᠬᠠᠨ ᠲᠤᠳᠤᠯᠠᠭᠠᠳᠤᠢ ᠪᠠᠢᠭᠰᠠᠭᠠᠷ᠃ ᠲᠤᠰ ᠦᠬᠦᠯᠡᠯ ᠳᠤ《 ᠢᠨᠵᠠᠨᠨᠠᠰᠢ ᠶᠢᠨ ᠨᠢᠯᠬ᠎ᠠ ᠶᠢᠨ ᠰᠤᠷᠤᠯᠴᠠᠭᠰᠠᠨ ᠰᠤᠯᠢᠭᠤ ᠰᠢᠯᠦᠭ》 ᠭᠡᠬᠦ ᠦᠳᠡᠮᠡᠯ ᠲᠡᠪᠳᠡᠷ ᠲᠤ ᠬᠤᠷᠢᠶᠠᠮᠵᠢᠯᠠᠭᠳᠠᠨ ᠤᠷᠤᠭᠰᠠᠨ《 ᠰᠤᠯᠠ ᠰᠢᠯᠦᠭᠯᠡᠯ》 ᠭᠡᠬᠦ ᠰᠢᠯᠦᠭ ᠨᠢ 《 ᠤᠯᠠᠭᠠᠨ ᠡᠬᠦᠯᠡᠨ ᠤ ᠨᠢᠯᠪᠤᠰᠤᠨ》᠋ ᠤ ᠲᠠᠪᠤᠳᠤᠭᠠᠷ ᠪᠦᠯᠦᠭ ᠲᠤ ᠦᠨᠳᠤᠰᠤᠨ ᠳ᠋ᠡᠭᠡᠨ ᠲᠡᠷᠡ ᠬᠡᠪ ᠶᠢᠡᠷ ᠨᠢ ᠬᠡᠷᠡᠭᠯᠡᠭᠳᠡᠭᠰᠡᠨ ᠶᠠᠪᠤᠳᠠᠯ ᠪᠠ 《 ᠦᠩᠭᠡᠳᠤ ᠰᠤᠯᠤᠩᠭ᠎ᠠ ᠰᠢᠩᠭᠡᠪᠡᠢ》 ᠭᠡᠬᠦ ᠰᠢᠯᠦᠭ ᠤᠨ ᠭᠤᠤᠯ ᠰᠠᠨᠠᠭ᠎ᠠ᠂ ᠰᠠᠨᠠᠭ᠎ᠠ ᠠᠬᠤᠢ ᠨᠢ ᠴᠦ《 ᠤᠯᠠᠭᠠᠨ ᠡᠬᠦᠯᠡᠨ ᠤ ᠨᠢᠯᠪᠤᠰᠤᠨ》᠋ ᠤ ᠲᠡᠬᠦᠰᠭᠡᠯ ᠤᠨ ᠬᠡᠰᠡᠭ ᠲᠤ ᠦᠭᠡᠷᠴᠢᠨ ᠬᠦᠪᠡᠬᠦᠨ ᠤ ᠲᠠᠭᠤᠯᠠᠯ ᠪᠤᠯᠤᠨ ᠢᠯᠡᠳᠭᠡᠭᠳᠡᠭᠰᠡᠨ ᠦᠨᠡᠨ ᠪᠤᠳᠡᠳᠡᠢ ᠪᠠᠷᠢᠮᠳᠠ ᠪᠠᠷ《 ᠤᠯᠠᠭᠠᠨ ᠡᠬᠦᠯᠡᠨ ᠤ ᠨᠢᠯᠪᠤᠰᠤᠨ》᠋ ᠤ ᠵᠤᠬᠢᠶᠠᠭᠳᠠᠭᠰᠠᠨ ᠴᠠᠭ ᠢ ᠲᠤᠢᠮᠦᠴᠢᠯᠡᠨ ᠲᠤᠳᠤᠯᠠᠬᠤ ᠪᠠᠷ ᠮᠡᠷᠡᠢᠪᠡ᠃ |
Original Literature |
No Original Paper
|
出自 |
内蒙古民族大学学报(社会科学)
2004年
第1期
|