Paper Information


Title ᠬᠤᠷᠴᠢᠨ ᠪᠠᠷᠠᠭᠤᠨ ᠭᠠᠷ ᠤᠨ ᠬᠤᠢ᠌ᠳᠤ ᠬᠤᠰᠢᠭᠤᠨ ᠤ ᠵᠠᠰᠠᠭ ᠭᠦᠩ ᠤᠨ ᠦᠶ᠎ᠡ ᠵᠠᠯᠭᠠᠮᠵᠢ ᠶᠢᠨ ᠲᠤᠬᠠᠢ ᠰᠢᠨᠵᠢᠯᠡᠯ
Creator ᠪᠤᠤ ᠵᠢᠨ ᠯᠢᠩ; ᠦᠯᠵᠡᠢ᠌ᠳᠦ
Keyword ᠬᠤᠷᠴᠢᠨ ᠪᠠᠷᠠᠭᠤᠨ ᠭᠠᠷ ᠤᠨ ᠬᠤᠢ᠌ᠳᠤ ᠬᠤᠰᠢᠭᠤ; ᠵᠠᠰᠠᠭ ᠭᠦᠩ; ᠦᠶ᠎ᠡ ᠵᠠᠯᠭᠠᠮᠵᠢ
Abstract ᠬᠤᠷᠴᠢᠨ ᠪᠠᠷᠠᠭᠤᠨ ᠭᠠᠷ ᠤᠨ ᠬᠤᠢ᠌ᠳᠤ ᠬᠤᠰᠢᠭᠤ ᠪᠤᠯ ᠮᠠᠨᠵᠤ ᠴᠢᠩ ᠤᠨ ᠡᠬᠢᠨ ᠤ ᠦᠶ᠎ᠡ ᠳᠤ ᠪᠠᠢ᠌ᠭᠤᠯᠤᠭᠳᠠᠭᠰᠠᠨ ᠮᠤᠩᠭ᠋ᠤᠯ ᠬᠤᠰᠢᠭᠤᠳ ᠤᠨ ᠨᠢᠭᠡ ᠪᠤᠯᠬᠤ ᠶᠤᠮ᠂ ᠠᠩᠬᠠᠨ ᠤ ᠵᠠᠰᠠᠭ ᠯᠠᠮᠠᠰᠬᠢ ᠤᠯᠤᠰ ᠤᠨ ᠲᠦᠰᠢᠶ᠎ᠡ ᠭᠦᠩ ᠡᠷᠭᠦᠮᠵᠢᠯᠡᠭᠳᠡᠨ ᠦᠶ᠎ᠡ ᠤᠯᠠᠷᠢᠨ ᠵᠠᠯᠭᠠᠮᠵᠢᠯᠠᠬᠤ ᠪᠤᠯᠵᠠᠢ᠂ ᠢᠢᠨᠬᠦ ᠲᠤᠰ ᠬᠤᠰᠢᠭᠤ ᠶᠢ ᠵᠠᠩᠰᠢᠯ ᠶᠢᠡᠷ ᠵᠠᠰᠠᠭ ᠤᠯᠤᠰ ᠤᠨ ᠲᠦᠰᠢᠶ᠎ᠡ ᠭᠦᠩ ᠤᠨ ᠬᠤᠰᠢᠭᠤ ᠪᠤᠶᠤ ᠭᠦᠩ ᠤᠨ ᠬᠤᠰᠢᠭᠤ ᠭᠡᠳᠡᠭ᠃ ᠤᠯᠠᠩᠬᠢ ᠰᠤᠷᠪᠤᠯᠵᠢ ᠪᠢᠴᠢᠭ᠌ ᠲᠤ ᠬᠤᠷᠴᠢᠨ ᠤ ᠵᠠᠰᠠᠭ ᠤᠯᠤᠰ ᠤᠨ ᠲᠦᠰᠢᠶ᠎ᠡ ᠭᠦᠩ ᠤᠨ ᠲᠤᠬᠠᠢ ᠵᠦᠪᠬᠡᠨ ᠴᠢᠩ ᠤᠯᠤᠰ ᠤᠨ ᠦᠶ᠎ᠡ ᠳᠤ ᠵᠠᠰᠠᠭ ᠵᠠᠯᠭᠠᠮᠵᠢᠠᠯᠭ᠌ᠰᠠᠨ ᠠᠷᠪᠠᠨ ᠭᠤᠷᠪᠠᠨ ᠭᠦᠩ ᠢ ᠯᠡ ᠵᠢᠭᠠᠵᠤ᠂ ᠲᠤᠮᠳᠠᠳᠤ ᠢᠷᠭᠡᠨ ᠤᠯᠤᠰ ᠪᠠ ᠬᠠᠭᠤᠷᠮᠠᠭ ᠮᠠᠨᠵᠤ ᠶᠢᠨ ᠦᠶ᠎ᠡ ᠳᠤ ᠬᠢ ᠦᠰᠭᠦᠪᠤᠶᠠᠨ ᠪᠤᠯᠤᠨ ᠪᠠᠶᠠᠨᠨᠠᠮᠤᠷ ᠬᠤᠶᠠᠷ ᠤᠨ ᠵᠠᠰᠠᠭ ᠭᠦᠩ ᠮᠦᠨ ᠡᠰᠡᠬᠦ ᠵᠢᠴᠢ ᠭᠠᠷᠤᠯ ᠢᠷᠡᠯ ᠤᠨ ᠲᠤᠬᠠᠢ ᠲᠤᠳᠤᠷᠬᠠᠢ ᠪᠤᠰᠤ ᠪᠠᠢ᠌ᠨ᠎ᠠ᠃ ᠲᠤᠰ ᠦᠭᠦᠯᠡᠯ ᠳᠤ ᠤᠯᠠᠨ ᠵᠦᠢᠯ ᠤᠨ ᠮᠠᠲ᠋ᠸᠷᠢᠶᠠᠯ ᠢ ᠬᠠᠢ᠌ᠨ ᠰᠢᠨᠵᠢᠭᠰᠡᠨ ᠰᠠᠭᠤᠷᠢᠨ ᠳᠤ ᠬᠤᠷᠴᠢᠨ ᠪᠠᠷᠠᠭᠤᠨ ᠭᠠᠷ ᠤᠨ ᠬᠤᠢ᠌ᠳᠤ ᠬᠤᠰᠢᠭᠤᠨ ᠤ ᠡᠯ᠎ᠡ ᠵᠠᠰᠠᠭ ᠤᠯᠤᠰ ᠤᠨ ᠲᠦᠰᠢᠶ᠎ᠡ ᠭᠦᠩ ᠵᠢᠴᠢ ᠲᠡᠳᠡ ᠨᠠᠷ ᠤᠨ ᠵᠠᠯᠭᠠᠮᠵᠢᠯᠠᠯ ᠤᠨ ᠤᠨ ᠵᠢᠯ᠂ ᠪᠡᠶ᠎ᠡ ᠶᠢᠨ ᠭᠠᠷᠤᠯ ᠢ ᠲᠤᠳᠤᠷᠬᠠᠢ᠌ᠯᠠᠨ ᠦᠭᠦᠯᠡᠵᠡᠢ᠃
Original Literature View Original Paper
出自 内蒙古大学学报 2015年 第1期

联系我们


内蒙古大学图书馆
呼和浩特市大学西路235号
中国·内蒙古
P: (0471) 4992561
E: huangfeilong@imu.edu.cn