Paper Information


Title ᠠᠩᠬᠠᠳᠠᠭᠴᠢ ᠴᠨᠠᠷᠲᠠᠢ ᠰᠠᠷ᠎ᠠ ᠶᠢᠨ ᠭᠭᠢᠷ ᠦᠨ ᠡᠪᠡᠷᠰᠢᠶᠡᠯ ᠢ ᠮᠣᠩ᠋ᠭᠤᠯ ᠠᠨᠠᠭᠠᠬᠤ ᠤᠬᠠᠭᠠᠨ ᠢᠶᠠᠷ ᠲᠠᠨᠢᠵᠤ ᠡᠮᠴᠢᠯᠡᠬᠦ ᠲᠤᠬᠠᠢ
Creator ᠴᠦᠨ ᠯᠢᠶᠠᠨ; ᠡᠦ ᠹᠦ᠋ ᠯᠢᠨ
Keyword ᠠᠩ᠋ᠬᠠᠳᠠᠭᠴᠢ ᠴᠢᠨᠠᠷᠲᠠᠢ ᠰᠠᠷ᠎ᠠ ᠶᠢᠨ ᠭᠭᠢᠷ ᠤᠨ ᠡᠪᠡᠷᠰᠢᠶᠡᠯ; ᠮᠣᠩ᠋ᠭᠤᠯ ᠠᠨᠠᠭᠠᠬᠤ ᠤᠬᠠᠭᠠᠨ; ᠲᠠᠨᠢᠯᠲᠠ ᠡᠮᠴᠢᠯᠡᠭᠡ
Abstract ᠠᠩ᠋ᠬᠠᠳᠠᠭᠴᠢ ᠴᠢᠨᠠᠷᠲᠠᠢ ᠰᠠᠷ᠎ᠠ ᠶᠢᠨ ᠭᠭᠢᠷ ᠤᠨ ᠡᠪᠡᠷᠰᠢᠶᠡᠯ ᠭᠡᠳᠡᠭ ᠪᠤᠯ ᠤᠷᠤᠭᠯᠠᠭᠠᠳᠤᠢ ᠡᠮᠡᠭᠲᠡᠢ ᠪᠡ ᠵᠢᠷᠮᠦᠰᠦᠨ ᠪᠤᠰᠤ ᠡᠮᠡᠭᠲᠡᠢ ᠳᠦ ᠣᠯᠠᠨ ᠲᠤᠬᠢᠶᠠᠯᠳᠤᠳᠠᠭ ᠪᠦᠭᠡᠳ ᠦᠷᠡᠵᠢᠯ ᠦᠨ ᠡᠷᠬᠡᠲᠡᠨ ᠳᠦ ᠨᠢ ᠢᠯᠡᠷᠬᠡᠢ ᠡᠪᠡᠳᠴᠢᠨ ᠦ ᠬᠤᠪᠢᠷᠠᠯᠲᠠ ᠦᠭᠡᠢ ᠪᠡᠷ ᠰᠠᠷ᠎ᠠ ᠶᠢᠨ ᠭᠭᠢᠷ ᠢᠷᠡᠬᠦ ᠡᠴᠡ ᠡᠮᠦᠨ᠎ᠡ ᠬᠤᠢ᠌ᠨ᠎ᠠ ᠪᠤᠶᠤ ᠡᠰᠡᠭᠦᠯ᠎ᠡ ᠶᠠᠭ ᠢᠷᠡᠵᠦ ᠪᠠᠢ᠌ᠭ᠎ᠠ ᠬᠤᠭᠤᠴᠠᠭᠠᠨ ᠳᠤ ᠬᠡᠪᠡᠯᠢ ᠶᠢᠨ ᠳᠤᠤᠷᠠᠲᠤ ᠬᠡᠰᠡᠭ ᠡᠴᠡ ᠠᠷᠤᠨᠰᠢ ᠲᠡᠰᠭᠦᠶ᠎ᠡ ᠪᠡᠷᠬᠡ ᠰᠠᠴᠤᠷᠠᠨ ᠡᠪᠡᠳᠬᠦ ᠶᠢᠨ ᠬᠠᠮᠲᠤ ᠵᠠᠷᠢᠮ ᠳᠤ ᠪᠠᠨ ᠳᠤᠷ᠎ᠠ ᠪᠤᠯᠭᠢᠬᠤ᠂ ᠪᠦᠭᠡᠯᠵᠢᠬᠦ᠂ ᠰᠠᠭᠤᠯᠭᠠᠬᠤ᠂ ᠳᠤᠯᠤᠭᠠᠢ ᠡᠷᠭᠢᠬᠦ᠂ ᠲᠠᠮᠢᠷᠳᠠᠬᠤ ᠵᠡᠷᠭᠡ ᠰᠢᠨᠵᠢ ᠳᠠᠭᠠᠯᠳᠤᠨ ᠢᠯᠡᠷᠡᠵᠦ᠂ ᠡᠪᠡᠷᠰᠢᠶᠡᠯ ᠨᠢ ᠰᠦᠷᠡᠬᠡᠢ ᠦᠶ᠎ᠡ ᠳᠦ ᠨᠢᠭᠤᠷ ᠴᠢᠷᠠᠢ ᠨᠢ ᠴᠠᠢ᠌ᠷᠠᠬᠤ᠂ ᠬᠦᠯ ᠭᠠᠷ ᠨᠢ ᠬᠦᠷᠦᠬᠦ᠂ ᠬᠦᠢᠲᠡᠨ ᠬᠦᠯᠦᠰᠦ ᠭᠠᠷᠬᠤ ᠪᠤᠶᠤ ᠴᠠᠭᠠᠰᠢᠯᠠᠪᠠᠯ ᠮᠠᠨᠠᠷᠠᠳᠠᠭ ᠲᠤᠯᠠ ᠵᠠᠯᠠᠭᠤ ᠡᠮᠡᠭᠲᠡᠢ᠌ᠴᠦᠳ ᠦᠨ ᠪᠡᠶ᠎ᠡ ᠰᠡᠳᠬᠢᠯ᠂ ᠠᠵᠢᠯ ᠰᠤᠷᠤᠯᠭ᠎ᠠ ᠶᠢ ᠬᠦᠨᠳᠦ ᠨᠤᠴᠢᠲᠠᠢ ᠨᠦᠯᠦᠭᠡᠯᠡᠳᠡᠭ ᠪᠦᠭᠡᠳ ᠵᠠᠰᠠᠯ ᠠᠪᠬᠤ ᠪᠠᠷ ᠠᠨᠠᠢ᠂ ᠲᠠᠬᠢᠯᠲᠠ ᠶᠢᠨ ᠨᠤᠷᠮ᠎ᠠ ᠨᠢ ᠦᠨᠳᠦᠷ ᠡᠪᠡᠳᠴᠢᠨ ᠪᠤᠯᠤᠨ᠎ᠠ᠃ ᠡᠢ᠌ᠮᠦ ᠡᠴᠡ᠂ ᠲᠤᠰ ᠡᠪᠡᠳᠴᠢᠨ ᠢ ᠮᠣᠩ᠋ᠭᠤᠯ ᠠᠨᠠᠭᠠᠬᠤ ᠤᠬᠠᠭᠠᠨ ᠢᠶᠠᠷ ᠵᠦᠪ ᠲᠠᠨᠢᠵᠤ ᠡᠮᠴᠢᠯᠡᠬᠦ ᠨᠢ ᠲᠤᠰ ᠡᠪᠡᠳᠴᠢᠨ ᠦ ᠡᠮᠴᠢᠯᠡᠭᠡᠨ ᠦ ᠠᠴᠢ ᠲᠤᠰᠠ ᠶᠢ ᠳᠡᠭᠡᠭ᠍ᠰᠢᠯᠡᠭᠦᠯᠵᠦ᠂ ᠲᠤᠰ ᠡᠪᠡᠳᠴᠢᠨ ᠢ ᠡᠮᠨᠡᠨ ᠵᠠᠰᠠᠬᠤ ᠲᠤᠬᠢᠷᠠᠮᠵᠢᠲᠠᠢ ᠡᠮᠴᠢᠯᠡᠭᠡᠨ ᠦ ᠠᠷᠭ᠎ᠠ ᠪᠠᠷᠢᠯ ᠢ ᠬᠠᠢ᠌ᠨ ᠰᠦᠪᠡᠭ᠍ᠴᠢᠯᠡᠬᠦ ᠳᠦ ᠮᠠᠰᠢ ᠠᠴᠢ ᠬᠤᠯᠪᠤᠭᠳᠠᠯ ᠲᠠᠢ ᠪᠠᠢ᠌ᠳᠠᠭ᠃
Original Literature View Original Paper
出自 内蒙古民族大学学报(自然科学) 2011年 第2期

联系我们


内蒙古大学图书馆
呼和浩特市大学西路235号
中国·内蒙古
P: (0471) 4992561
E: huangfeilong@imu.edu.cn