Paper Information


Title ᠤᠯᠠᠭᠠᠨᠬᠠᠲᠠ ᠰᠤᠶᠤᠯ ᠤᠨ ᠰᠢᠪᠠᠭᠤᠨ ᠰᠢᠳᠦᠯᠭᠡ ᠬᠢᠭᠡᠳ ᠠᠯᠲᠠᠢ ᠬᠡᠯᠡᠳᠡᠨ ᠦ ᠰᠢᠪᠠᠭᠤᠨ ᠲᠤᠲ᠋ᠸᠮ
Creator ᠲᠤ‍᠂ ᠨᠠᠮᠵᠢᠯᠸᠠᠩᠴᠤᠭ
Keyword ᠤᠯᠠᠭᠠᠨᠬᠠᠲᠠ ᠤᠯᠠᠨ ᠰᠤᠶᠤᠯ ; ᠰᠢᠪᠠᠭᠤᠨ ᠰᠢᠳᠦᠯᠭᠡ; ᠠᠯᠲᠠᠢ ᠬᠡᠯᠡᠳᠡᠨ; ᠰᠢᠪᠠᠭᠤᠨ ᠲᠤᠲ᠋ᠸᠮ
Abstract ᠰᠢᠪᠠᠭᠤᠨ ᠰᠢᠳᠦᠯᠭᠡ ᠪᠤᠯ ᠬᠦᠮᠦᠨ ᠲᠦᠷᠦᠯᠬᠢᠳᠡᠨ ᠦ ᠪᠠᠯᠴᠢᠷ ᠡᠷᠢᠨ ᠦ ᠲᠦᠭᠡᠮᠡᠯ ᠦᠵᠡᠭᠳᠡᠯ ᠮᠦᠨ᠃ ᠤᠳᠤ ᠡᠴᠡ 8000—3000ᠵᠢᠯ ᠤᠨ ᠡᠮᠦᠨᠡᠬᠢ ᠤᠯᠠᠭᠠᠨᠬᠠᠲᠠ ᠶᠢᠨ ᠤᠯᠠᠨ ᠰᠤᠶᠤᠯ ᠡᠴᠡ ᠶᠠᠩᠵᠦ ᠶᠢᠨ ᠬᠢᠴᠡ ᠬᠡᠯᠪᠡᠷᠢ ᠶᠢᠨ ᠰᠢᠪᠠᠭᠤᠨ ᠲᠦᠷᠰᠦᠳᠦ ᠠᠷᠬᠢᠯᠦᠬᠢ ᠶᠢᠨ ᠤᠯᠳᠠᠪᠤᠷᠢ ᠨᠤᠭᠤᠳ ᠭᠠᠷᠤᠭᠰᠠᠨ ᠨᠢ ᠰᠢᠪᠠᠭᠤᠨ ᠰᠢᠳᠦᠯᠭᠡ ᠲᠤᠤᠱ ᠤᠯᠠᠮᠵᠢᠯᠠᠭᠳᠠᠨ ᠢᠷᠡᠭᠰᠡᠨ ᠦ ᠬᠡᠷᠡᠴᠢ ᠮᠦᠨ᠃ ᠰᠢᠪᠠᠭᠤᠨ ᠰᠢᠳᠦᠯᠭᠡ᠂ ᠰᠢᠪᠠᠭᠤᠨ ᠲᠤᠲ᠋ᠸᠮ ᠨᠢ ᠠᠯᠲᠠᠢ ᠢᠵᠠᠭᠤᠷ ᠬᠡᠯᠡᠳᠡᠨ ᠦ ᠤᠯᠠᠨ ᠤᠭᠰᠠᠭᠠᠲᠠᠨ ᠦ ᠲᠤᠮᠳᠠ ᠤᠯᠠᠮᠵᠢᠯᠠᠭᠳᠠᠨ ᠢᠷᠡᠭᠰᠡᠨ ᠪᠦᠭᠡᠳ ᠪᠦᠬᠡ ᠮᠦᠷᠭᠦᠯ ᠳᠤ ᠰᠢᠪᠠᠭᠤ ᠪᠡᠷ ᠴᠢᠬᠤᠯᠠ ᠤᠩᠭᠤᠳ ᠰᠢᠳᠦᠭᠡᠨ ᠪᠤᠯᠭᠠᠳᠠᠭ ᠪᠠᠢ᠌ᠵᠠᠢ᠃ ᠬᠡᠳᠦᠢ᠌ᠪᠡᠷ ᠡᠨᠡ ᠬᠤᠶᠠᠷ ᠰᠢᠪᠠᠭᠤᠨ ᠰᠢᠳᠦᠯᠭᠡ ᠨᠢ ᠴᠠᠭ ᠵᠠᠢ ᠶᠢᠨ ᠬᠤᠪᠢ ᠳᠤ ᠬᠡᠳᠦᠨ ᠮᠢᠩᠭ᠋ᠠᠨ ᠵᠢᠯ ᠶᠢᠨᠷ ᠠᠯᠤᠰᠯᠠᠵᠤ ᠪᠤᠢ ᠴᠤ ᠰᠢᠳᠦᠯᠭᠡ ᠪᠢᠰᠢᠷᠡᠯ ᠤᠨ ᠬᠤᠪᠢ ᠳᠤ ᠮᠠᠰᠢ ᠤᠯᠠᠨ ᠲᠤᠬᠢᠷᠠᠯᠴᠠᠭ᠎ᠠ ᠭᠠᠵᠠᠷ ᠪᠠᠢ᠌ᠳᠠᠭ ᠨᠢ ᠬᠡᠨᠡᠳᠳᠡ ᠶᠢᠨ ᠲᠤᠬᠢᠶᠠᠯᠳᠤᠯ ᠪᠢᠰᠢ ᠶᠤᠮ᠃
Original Literature View Original Paper
出自 内蒙古社会科学(蒙文版) 2008年 第1期

联系我们


内蒙古大学图书馆
呼和浩特市大学西路235号
中国·内蒙古
P: (0471) 4992561
E: huangfeilong@imu.edu.cn