Title |
ᠯᠢᠭᠳᠡᠨ ᠬᠠᠭᠠᠨ ᠤ ᠠᠯᠲᠠᠨ 《ᠭᠠᠨᠵᠤᠤᠷ》᠋ ᠢ ᠪᠦᠲᠦᠭᠡᠯᠭᠡᠭ᠍ᠰᠡᠨ ᠬᠢᠭᠡᠳ ᠲᠡᠭᠦᠨ ᠦ ᠮᠤᠩᠭᠤᠯ ᠰᠤᠶᠤᠯ ᠳᠤ ᠦᠵᠡᠭᠦᠯᠦᠭᠰᠡᠨ ᠠᠴᠢ ᠭᠠᠪᠢᠶ᠎ᠠ ᠶᠢᠨ ᠲᠤᠬᠠᠢ |
Creator |
ᠳᠡᠯᠭᠡᠷ |
Keyword |
ᠯᠢᠭᠳᠡᠨ ᠬᠠᠭᠠᠨ; ᠠᠯᠲᠠᠨ ᠭᠠᠨᠵᠤᠤᠷ; ᠮᠤᠩᠭᠤᠯ ᠰᠤᠶᠤᠯ; ᠠᠴᠢ ᠭᠠᠪᠢᠶ᠎ᠠ |
Abstract |
ᠲᠤᠰ ᠦᠭᠦᠯᠡᠯ ᠳᠦ 《ᠭᠠᠨᠵᠤᠤᠷ》᠋ ᠤᠨ ᠬᠡᠳᠦ ᠤᠳᠠᠭᠠᠨ ᠤ ᠮᠤᠩᠭᠤᠯ ᠤᠷᠴᠢᠭᠤᠯᠭ᠎ᠠ ᠶᠢᠨ ᠲᠤᠬᠠᠢ ᠲᠤᠪᠴᠢ ᠲᠠᠨᠢᠯᠴᠠᠭᠤᠯᠵᠤ᠂ ᠯᠢᠭᠳᠡᠨ ᠬᠠᠭᠠᠨ ᠤ ᠠᠯᠲᠠᠨ 《ᠭᠠᠨᠵᠤᠤᠷ》᠋ ᠢ ᠪᠦᠲᠦᠭᠡᠯᠭᠡᠭ᠍ᠰᠡᠨ ᠶᠠᠪᠤᠳᠠᠯ ᠪᠤᠯ 《ᠭᠠᠨᠵᠤᠤᠷ》᠋ ᠤᠨ ᠬᠤᠶᠠᠳᠠᠬᠢ ᠤᠳᠠᠭᠠᠨ ᠤ ᠮᠤᠨᠭᠭᠤᠯ ᠪᠥᠷᠢᠨ ᠤᠷᠴᠢᠭᠤᠯᠭ᠎ᠠ ᠶᠢ ᠭᠦᠢᠴᠡᠳᠭᠡᠵᠦ᠂ ᠤᠮᠠᠷᠠᠲᠤ ᠶᠤᠸᠠᠨ ᠤ ᠦᠶ᠎ᠡ ᠶᠢᠨ ᠮᠤᠨᠭᠭᠤᠯ ᠰᠤᠶᠤᠯ ᠤᠨ ᠰᠡᠷᠭᠦᠨ ᠮᠠᠨᠳᠤᠯᠲᠠ᠂ ᠪᠤᠷᠬᠠᠨ ᠤ ᠱᠠᠰᠢᠨ ᠤ ᠮᠤᠨᠭᠭᠤᠯ ᠤᠷᠤᠨ ᠳᠤ ᠤᠯᠠᠮ ᠴᠢᠨᠠᠭᠰᠢᠲᠠ ᠭᠦᠨᠵᠡᠭᠡᠶᠢᠷᠡᠨ ᠳᠡᠯᠭᠡᠷᠡᠬᠦ ᠪᠡ ᠠᠷᠪᠠᠨ ᠳᠤᠯᠤᠳᠤᠭᠠᠷ ᠵᠠᠭᠤᠨ ᠤ ᠮᠤᠨᠭᠭᠤᠯ ᠬᠡᠯᠡ ᠪᠢᠴᠢᠭ᠌ ᠦᠨ ᠳᠦᠷᠢᠮᠵᠢᠯ ᠵᠡᠷᠭᠡ ᠶᠢ ᠶᠡᠬᠡᠪᠡᠷ ᠲᠦᠯᠬᠢᠨ ᠠᠬᠢᠭᠤᠯᠤᠭᠰᠠᠨ ᠢᠶᠠᠷ ᠪᠠᠷᠠᠬᠤ ᠦᠭᠡᠢ᠂ ᠪᠠᠰᠠ ᠮᠤᠨᠭᠭᠤᠯ ᠦᠰᠦᠭ ᠪᠢᠴᠢᠭ᠌ ᠦᠨ ᠨᠡᠶᠢᠭᠡᠮ ᠦᠨ ᠪᠤᠳᠠᠳᠤ ᠬᠡᠷᠡᠭᠯᠡᠭᠡᠨ ᠢ ᠴᠢᠬᠤᠯᠠᠴᠢᠯᠠᠵᠤ᠂ ᠬᠡᠯᠡ ᠰᠢᠨᠵᠢᠯᠡᠯ ᠦᠨ ᠦᠨᠡᠲᠦ ᠮᠠᠲ᠋ᠧᠷᠢᠶᠠᠯ ᠤᠨ ᠬᠦᠮᠦᠷᠭᠡ ᠶᠢ ᠪᠦᠲᠦᠭᠡᠵᠦ᠂ ᠤᠯᠠᠮᠵᠢᠯᠠᠯᠲᠤ ᠤᠷᠴᠢᠭᠤᠯᠭ᠎ᠠ ᠪᠤᠯᠤᠨ ᠬᠡᠪᠯᠡᠯ ᠦᠨ ᠦᠢᠯᠡᠰ ᠢ ᠰᠡᠷᠭᠦᠭᠡᠨ ᠮᠠᠨᠳᠤᠭᠤᠯᠵᠤ᠂ ᠤᠯᠠᠮᠵᠢᠯᠠᠯᠲᠤ ᠮᠤᠨᠭᠭᠤᠯ ᠤᠷᠠᠨ ᠵᠢᠷᠤᠭ᠂ ᠤᠷᠠᠨ ᠪᠢᠴᠢᠯᠭᠡ᠂ ᠬᠤᠪᠤᠷ ᠦᠨᠡᠲᠦ ᠮᠤᠨᠭᠭᠤᠯ ᠰᠤᠷᠪᠤᠯᠵᠢ ᠪᠢᠴᠢᠭ᠌ ᠪᠦᠲᠦᠭᠡᠬᠦ᠂ ᠤᠴᠠᠭᠠᠢ ᠴᠠᠭᠠᠰᠤ ᠬᠢᠬᠦ᠂ ᠦᠨᠡᠲᠦ ᠪᠤᠳᠤᠭ ᠤᠷᠤᠭᠤᠯᠬᠤ ᠵᠡᠷᠭᠡ ᠤᠷ᠎ᠠ ᠮᠡᠷᠭᠡᠵᠢᠯ ᠢ ᠵᠠᠯᠭᠠᠮᠵᠢᠯᠠᠨ ᠬᠦᠭ᠍ᠵᠢᠭᠦᠯᠦᠭᠰᠡᠨ ᠭᠡᠵᠦ ᠯᠢᠭᠳᠡᠨ ᠬᠠᠭᠠᠨ ᠤ ᠮᠤᠨᠭᠭᠤᠯ ᠰᠤᠶᠤᠯ ᠳᠤ ᠦᠵᠡᠭᠦᠯᠦᠭᠰᠡᠨ ᠠᠴᠢ ᠭᠠᠪᠢᠶ᠎ᠠ ᠶᠢ ᠬᠡᠳᠦᠨ ᠲᠠᠯ᠎ᠠ ᠪᠠᠷ ᠲᠤᠷᠰᠢᠨ ᠦᠨᠡᠯᠡᠭᠰᠡᠨ ᠪᠠᠶᠢᠨ᠎ᠠ᠃ |
Original Literature |
View Original Paper
|
出自 |
内蒙古大学学报
2010年
第4期
|