Paper Information


Title ᠴ᠂ ᠲᠡᠮᠴᠡᠭᠳᠤᠷᠵᠢ(ᠳ᠋ᠠᠨᠳᠠᠭ᠋ ᠠ ) ᠠᠷᠦ ᠮᠣᠩᠭ᠋ᠤᠯ  ᠳᠡᠬᠢ ᠦᠢᠯᠡ ᠶᠠᠪᠤᠳᠠᠯ ᠤᠨ ᠲᠣᠬᠠᠢ ᠲᠣᠪᠴᠢ ᠦᠭᠦᠯᠡᠬᠦ ᠨᠢ
Creator ᠪ᠂ᠫᠣᠩᠰᠤᠯᠳᠤᠯᠮ ᠠ
Keyword ᠲᠡᠮᠴᠡᠭᠳᠣᠷᠵᠢ; ᠡᠷᠳᠡᠮᠲᠡᠨ; ᠭᠠᠪᠢᠶ ᠠ ᠵᠢᠳᠭᠦᠯ
Abstract ᠨᠡᠷᠡᠳᠦ ᠡᠷᠳᠡᠮᠲᠡᠨ ᠲᠡᠮᠴᠡᠭᠳᠤᠷᠵᠢ(1864-1932)ᠪᠣᠯ ᠦᠪᠦᠷ ᠮᠣᠩᠭ᠋ᠤᠯ ᠤᠨ ᠬᠠᠷᠠᠴᠢᠨ ᠲᠤᠮᠳᠠᠳᠤ ᠬᠤᠰᠢᠭᠤᠨ  ᠤ ᠬᠦᠮᠦᠨ ᠪᠢᠯᠡ᠃1914ᠣᠨ  ᠤ ᠦᠶ ᠡ ᠪᠡᠷ ᠠᠷᠤ ᠮᠣᠩᠭ᠋ᠤᠯ ᠳᠤ ᠢᠷᠡᠵᠦ ᠨᠤᠳᠤᠭᠰᠢᠨ ᠰᠠᠭᠤᠵᠠᠢ ᠃ ᠪᠠᠭ᠋ ᠠ ᠡᠴᠡ ᠪᠠᠨ ᠮᠣᠩᠭ᠋ᠤᠯ᠂ᠬᠢᠲᠠᠳ᠂ ᠶᠠᠫᠤᠨ᠂ ᠮᠠᠨᠵᠦ᠂ ᠲᠦᠪᠡᠳ ᠬᠡᠯᠡ ᠪᠢᠴᠢᠭ᠌ ᠢ ᠰᠠᠢᠢᠨ ᠡᠵᠡᠮᠰᠢᠭᠰᠡᠨ᠂ ᠡᠷᠳᠡᠮ ᠨᠡᠮ  ᠢᠢᠡᠷ ᠬᠡᠳᠦᠢᠳᠦᠭᠰᠡᠨ ᠪᠣᠯᠪᠠᠰᠤᠷᠠᠯ ᠲᠠᠢ ᠬᠦᠮᠦᠨ ᠪᠠᠢᠢᠵᠤ᠂ᠬᠦᠮᠦᠰ ᠲᠡᠭᠦᠨ  ᠢ ᠪᠠᠰᠠ《ᠡᠷᠳᠡᠮᠲᠡᠨ  ᠳᠠᠨᠳᠠᠭ᠋ ᠠ》ᠬᠡᠮᠡᠨ ᠬᠦᠨᠳᠦᠯᠡᠨ ᠲᠠᠭᠤᠳᠠᠳᠠᠭ᠃ ᠲᠡᠮᠴᠡᠭᠳᠣᠷᠵᠢ ᠪᠣᠶᠣ ᠳᠠᠨᠳᠠᠭ᠋ ᠠ ᠬᠡᠮᠡᠭᠴᠢ ᠮᠣᠩᠭ᠋ᠤᠯ ᠦᠨᠳᠦᠰᠦᠲᠡᠨ ᠤ ᠰᠣᠣᠳᠦ ᠬᠦᠮᠦᠨ  ᠤ ᠨᠢᠭᠡ ᠨᠢ ᠪᠦᠭᠡᠳ ᠣᠶᠣᠨ ᠲᠠᠷᠢᠬᠢ ᠪᠠᠨ ᠰᠢᠪᠬᠠᠨ ᠤᠭᠰᠠᠭ᠋ ᠠ ᠦᠨᠳᠦᠰᠦ ᠶᠢᠨ ᠭᠦᠭ᠍ᠵᠢᠯ᠍᠋ ᠪᠠᠳᠠᠷᠠᠯ ᠳᠤ ᠬᠦᠴᠦᠨ ᠵᠢᠳᠭᠦᠨ᠂ ᠡᠭᠡᠨᠡᠭᠲᠡ ᠮᠣᠩᠭ᠋ᠤᠯ ᠤᠯᠤᠰ ᠢ ᠬᠡᠷᠬᠢᠨ ᠭᠦᠭ᠍ᠵᠢᠭᠦᠯᠬᠦ ᠶᠠᠪᠤᠳᠠᠯ ᠳᠤ ᠰᠠᠨᠠᠭ᠋ ᠠ ᠲᠠᠯᠪᠢᠵᠤ᠂ ᠠᠩᠬᠠᠷᠠᠭᠤᠰᠢᠲᠠᠢ ᠣᠯᠠᠨ ᠠᠰᠠᠭᠤᠳᠠᠯ  ᠢ ᠰᠠᠳᠦᠨ ᠲᠡᠪᠰᠢᠭᠦᠯᠵᠦ᠂ ᠬᠡᠷᠬᠢᠨ ᠪᠣᠳᠠᠲᠠᠢ ᠪᠣᠯᠭᠠᠬᠤ ᠠᠡᠭ᠋ ᠠ ᠵᠠᠮ ᠢ ᠬᠠᠢᠢᠭᠰᠠᠨ ᠦᠭᠦᠯᠡᠯ ᠤᠳ ᠢ ᠪᠢᠴᠢᠭᠰᠡᠨ ᠪᠠᠢᠢᠵᠠᠢ᠃ ᠲᠡᠷᠡ ᠪᠡᠷ ᠮᠣᠩᠭ᠋ᠤᠯ ᠤᠨ ᠰᠣᠳᠤᠷ ᠪᠢᠴᠢᠭ᠌ ᠤᠨ ᠬᠦᠷᠢᠶᠡᠯᠡᠩ ᠤᠨ ᠵᠢᠩᠭᠢᠨᠢ ᠭᠡᠰᠢᠭᠦᠨ ᠪᠦᠭᠡᠳ ᠨᠡᠷ ᠡ ᠲᠤᠮᠢᠶ ᠠ ᠶᠢᠨ ᠺᠣᠮᠢᠰ ᠤᠨ ᠬᠣᠶᠠᠷ ᠰᠠᠯᠪᠤᠷᠢ  ᠳᠤ ᠠᠵᠢᠯᠯᠠᠵᠤ ᠪᠠᠢᠢᠵᠠᠢ᠃ ᠲᠡᠮᠴᠡᠭᠳᠣᠷᠵᠢ ᠰᠣᠶᠣᠨ ᠭᠡᠭᠡᠷᠡᠭᠦᠯᠬᠦ ᠰᠤᠷᠭᠠᠨ ᠬᠦᠮᠦᠵᠢᠭᠦᠯᠬᠦ ᠶᠡᠬᠡ ᠠᠵᠢᠯ  ᠤᠨ ᠵᠢᠡᠨ ᠬᠠᠵᠠᠭᠤ ᠪᠡᠷ ᠲᠡᠦᠬᠡ ᠶᠢᠨ ᠨᠣᠮ ᠪᠦᠲᠦᠭᠡᠯ ᠲᠣᠭᠤᠷᠪᠢᠬᠤ ᠪᠡ ᠣᠷᠴᠢᠭᠤᠯᠬᠤ ᠠᠵᠢᠯ ᠢ ᠬᠢᠵᠦ ᠪᠠᠢᠢᠪᠠ᠃ ᠪᠠᠰᠠ ᠣᠯᠠᠨ᠌ ᠠ ᠡᠷᠭᠦᠭ᠍ᠳᠡᠭᠰᠡᠨ ᠮᠣᠩᠭ᠋ᠤᠯ ᠤᠯᠤᠰ ᠤᠨ ᠰᠤᠷᠭᠠᠭᠤᠯᠢ ᠨᠤᠭᠤᠳ ᠲᠤ ᠦᠵᠡᠬᠦ ᠰᠤᠷᠬᠤ ᠪᠢᠴᠢᠭ᠌ ᠢ ᠨᠠᠢᠢᠷᠠᠭᠤᠯᠤᠭᠠᠨ ᠪᠠᠢᠢᠨ᠌ ᠠ᠃
Original Literature View Original Paper
出自 内蒙古大学学报 2011年 第2期

联系我们


内蒙古大学图书馆
呼和浩特市大学西路235号
中国·内蒙古
P: (0471) 4992561
E: huangfeilong@imu.edu.cn