Abstract |
ᠨᠡᠷᠡᠳᠦ ᠡᠷᠳᠡᠮᠲᠡᠨ ᠲᠡᠮᠴᠡᠭᠳᠤᠷᠵᠢ(1864-1932)ᠪᠣᠯ ᠦᠪᠦᠷ ᠮᠣᠩᠭ᠋ᠤᠯ ᠤᠨ ᠬᠠᠷᠠᠴᠢᠨ ᠲᠤᠮᠳᠠᠳᠤ ᠬᠤᠰᠢᠭᠤᠨ ᠤ ᠬᠦᠮᠦᠨ ᠪᠢᠯᠡ᠃1914ᠣᠨ ᠤ ᠦᠶ ᠡ ᠪᠡᠷ ᠠᠷᠤ ᠮᠣᠩᠭ᠋ᠤᠯ ᠳᠤ ᠢᠷᠡᠵᠦ ᠨᠤᠳᠤᠭᠰᠢᠨ ᠰᠠᠭᠤᠵᠠᠢ ᠃ ᠪᠠᠭ᠋ ᠠ ᠡᠴᠡ ᠪᠠᠨ ᠮᠣᠩᠭ᠋ᠤᠯ᠂ᠬᠢᠲᠠᠳ᠂ ᠶᠠᠫᠤᠨ᠂ ᠮᠠᠨᠵᠦ᠂ ᠲᠦᠪᠡᠳ ᠬᠡᠯᠡ ᠪᠢᠴᠢᠭ᠌ ᠢ ᠰᠠᠢᠢᠨ ᠡᠵᠡᠮᠰᠢᠭᠰᠡᠨ᠂ ᠡᠷᠳᠡᠮ ᠨᠡᠮ ᠢᠢᠡᠷ ᠬᠡᠳᠦᠢᠳᠦᠭᠰᠡᠨ ᠪᠣᠯᠪᠠᠰᠤᠷᠠᠯ ᠲᠠᠢ ᠬᠦᠮᠦᠨ ᠪᠠᠢᠢᠵᠤ᠂ᠬᠦᠮᠦᠰ ᠲᠡᠭᠦᠨ ᠢ ᠪᠠᠰᠠ《ᠡᠷᠳᠡᠮᠲᠡᠨ ᠳᠠᠨᠳᠠᠭ᠋ ᠠ》ᠬᠡᠮᠡᠨ ᠬᠦᠨᠳᠦᠯᠡᠨ ᠲᠠᠭᠤᠳᠠᠳᠠᠭ᠃ ᠲᠡᠮᠴᠡᠭᠳᠣᠷᠵᠢ ᠪᠣᠶᠣ ᠳᠠᠨᠳᠠᠭ᠋ ᠠ ᠬᠡᠮᠡᠭᠴᠢ ᠮᠣᠩᠭ᠋ᠤᠯ ᠦᠨᠳᠦᠰᠦᠲᠡᠨ ᠤ ᠰᠣᠣᠳᠦ ᠬᠦᠮᠦᠨ ᠤ ᠨᠢᠭᠡ ᠨᠢ ᠪᠦᠭᠡᠳ ᠣᠶᠣᠨ ᠲᠠᠷᠢᠬᠢ ᠪᠠᠨ ᠰᠢᠪᠬᠠᠨ ᠤᠭᠰᠠᠭ᠋ ᠠ ᠦᠨᠳᠦᠰᠦ ᠶᠢᠨ ᠭᠦᠭ᠍ᠵᠢᠯ᠍᠋ ᠪᠠᠳᠠᠷᠠᠯ ᠳᠤ ᠬᠦᠴᠦᠨ ᠵᠢᠳᠭᠦᠨ᠂ ᠡᠭᠡᠨᠡᠭᠲᠡ ᠮᠣᠩᠭ᠋ᠤᠯ ᠤᠯᠤᠰ ᠢ ᠬᠡᠷᠬᠢᠨ ᠭᠦᠭ᠍ᠵᠢᠭᠦᠯᠬᠦ ᠶᠠᠪᠤᠳᠠᠯ ᠳᠤ ᠰᠠᠨᠠᠭ᠋ ᠠ ᠲᠠᠯᠪᠢᠵᠤ᠂ ᠠᠩᠬᠠᠷᠠᠭᠤᠰᠢᠲᠠᠢ ᠣᠯᠠᠨ ᠠᠰᠠᠭᠤᠳᠠᠯ ᠢ ᠰᠠᠳᠦᠨ ᠲᠡᠪᠰᠢᠭᠦᠯᠵᠦ᠂ ᠬᠡᠷᠬᠢᠨ ᠪᠣᠳᠠᠲᠠᠢ ᠪᠣᠯᠭᠠᠬᠤ ᠠᠡᠭ᠋ ᠠ ᠵᠠᠮ ᠢ ᠬᠠᠢᠢᠭᠰᠠᠨ ᠦᠭᠦᠯᠡᠯ ᠤᠳ ᠢ ᠪᠢᠴᠢᠭᠰᠡᠨ ᠪᠠᠢᠢᠵᠠᠢ᠃ ᠲᠡᠷᠡ ᠪᠡᠷ ᠮᠣᠩᠭ᠋ᠤᠯ ᠤᠨ ᠰᠣᠳᠤᠷ ᠪᠢᠴᠢᠭ᠌ ᠤᠨ ᠬᠦᠷᠢᠶᠡᠯᠡᠩ ᠤᠨ ᠵᠢᠩᠭᠢᠨᠢ ᠭᠡᠰᠢᠭᠦᠨ ᠪᠦᠭᠡᠳ ᠨᠡᠷ ᠡ ᠲᠤᠮᠢᠶ ᠠ ᠶᠢᠨ ᠺᠣᠮᠢᠰ ᠤᠨ ᠬᠣᠶᠠᠷ ᠰᠠᠯᠪᠤᠷᠢ ᠳᠤ ᠠᠵᠢᠯᠯᠠᠵᠤ ᠪᠠᠢᠢᠵᠠᠢ᠃ ᠲᠡᠮᠴᠡᠭᠳᠣᠷᠵᠢ ᠰᠣᠶᠣᠨ ᠭᠡᠭᠡᠷᠡᠭᠦᠯᠬᠦ ᠰᠤᠷᠭᠠᠨ ᠬᠦᠮᠦᠵᠢᠭᠦᠯᠬᠦ ᠶᠡᠬᠡ ᠠᠵᠢᠯ ᠤᠨ ᠵᠢᠡᠨ ᠬᠠᠵᠠᠭᠤ ᠪᠡᠷ ᠲᠡᠦᠬᠡ ᠶᠢᠨ ᠨᠣᠮ ᠪᠦᠲᠦᠭᠡᠯ ᠲᠣᠭᠤᠷᠪᠢᠬᠤ ᠪᠡ ᠣᠷᠴᠢᠭᠤᠯᠬᠤ ᠠᠵᠢᠯ ᠢ ᠬᠢᠵᠦ ᠪᠠᠢᠢᠪᠠ᠃ ᠪᠠᠰᠠ ᠣᠯᠠᠨ᠌ ᠠ ᠡᠷᠭᠦᠭ᠍ᠳᠡᠭᠰᠡᠨ ᠮᠣᠩᠭ᠋ᠤᠯ ᠤᠯᠤᠰ ᠤᠨ ᠰᠤᠷᠭᠠᠭᠤᠯᠢ ᠨᠤᠭᠤᠳ ᠲᠤ ᠦᠵᠡᠬᠦ ᠰᠤᠷᠬᠤ ᠪᠢᠴᠢᠭ᠌ ᠢ ᠨᠠᠢᠢᠷᠠᠭᠤᠯᠤᠭᠠᠨ ᠪᠠᠢᠢᠨ᠌ ᠠ᠃ |