Paper Information


Title ᠡᠷᠭᠡ ᠶᠢᠨ ᠲᠦᠷᠢᠮᠵᠢᠬᠦᠯᠦᠯ᠂ ᠦᠷᠲᠡᠭ ᠤᠨ ᠮᠠᠭᠠᠳᠯᠠᠯ; ᠲᠢᠭ᠍ᠯᠢᠮ ᠤᠨ ᠴᠣᠭᠴᠠᠯᠠᠯ——ᠮᠣᠩᠭᠤᠯ ᠦᠨᠳᠦᠰᠦᠲᠡᠨ ᠤ ᠣᠷᠴᠢᠨ ᠦᠶ ᠡ ᠶᠢᠨ ᠤᠷᠠᠨ ᠵᠣᠬᠢᠶᠠᠯ ᠤᠨ ᠲᠡᠦᠬᠡᠨ ᠦᠶᠡᠯᠡᠯ ᠤᠨ ᠠᠰᠠᠭᠤᠳᠠᠯ ᠳ᠋ᠤ
Creator ᠲᠤᠷᠤᠨᠠᠲ᠋ᠡᠭᠷᠢ
Keyword ᠮᠣᠩᠭᠤᠯ ᠦᠨᠳᠦᠰᠦᠲᠡᠨ ᠤ ᠣᠷᠴᠢᠨ ᠦᠶ ᠡ ᠶᠢᠨ ᠤᠷᠠᠨ ᠵᠣᠬᠢᠶᠠᠯ; ᠲᠡᠦᠬᠡᠨ ᠦᠶᠡᠯᠡᠯ; ᠤᠷᠠᠨ ᠵᠣᠬᠢᠶᠠᠯ ᠤᠨ ᠴᠠᠭ ᠦᠶ ᠡ
Abstract ᠲᠤᠰ ᠦᠭᠦᠯᠡᠯ ᠳ᠋ᠤ ᠮᠣᠩᠭᠤᠯ ᠦᠨᠳᠦᠰᠦᠲᠡᠨ ᠤ ᠣᠷᠴᠢᠨ ᠦᠶ ᠡ ᠶᠢᠨ ᠤᠷᠠᠨ ᠵᠣᠬᠢᠶᠠᠯ ᠤᠨ ᠲᠡᠦᠬᠡᠨ ᠦᠶᠡᠯᠡᠯ ᠤᠨ ᠠᠰᠠᠭᠤᠳᠠᠯ ᠢ ᠠᠪᠴᠤ ᠶᠠᠷᠢᠯᠴᠠᠪᠠ᠃ ᠮᠣᠩᠭᠤᠯ ᠤᠷᠠᠨ ᠵᠣᠬᠢᠶᠠᠯ ᠤᠨ ᠲᠡᠦᠬᠡ ᠨᠢ ᠵᠦᠪᠭᠡᠨ ᠴᠠᠭ ᠤᠨ ᠲᠡᠦᠬᠡ ᠪᠠ ᠤᠷᠤᠨ ᠤ ᠲᠡᠦᠬᠡ ᠲᠡᠳᠦᠢ ᠯᠡ ᠪᠢᠰᠢ᠂ᠨᠡᠩ ᠴᠢᠬᠤᠯᠠ ᠨᠢ ᠡᠷᠭᠡ ᠶᠢᠨ ᠲᠦᠷᠢᠮᠵᠢᠬᠦᠯᠦᠯ᠂ ᠦᠷᠲᠡᠭ ᠤᠨ ᠮᠠᠭᠠᠳᠯᠠᠯ᠂ᠡᠷᠲᠡᠮ ᠰᠢᠨᠵᠢᠯᠡᠭᠡᠨ ᠤ ᠦᠵᠡᠯ ᠰᠠᠨᠠᠭ᠎ᠠ ᠶᠢᠨ ᠤᠷᠤᠯᠴᠠᠯᠭ᠎ᠠ ᠪᠦᠬᠦᠢ ᠨᠢᠭᠡ ᠵᠦᠢᠯ ᠤᠨ ᠮᠡᠳᠡᠯᠭᠡ ᠶᠢᠨ ᠲᠤᠭᠳᠠᠯᠴᠠᠭ᠎ᠠ ᠶᠢᠨ ᠬᠦᠦᠷᠨᠢᠯ ᠪᠠ ᠤᠷᠠᠨ ᠵᠣᠬᠢᠶᠠᠯ ᠤᠨ ᠲᠢᠭ᠍ᠯᠢᠮ ᠤᠨ ᠴᠣᠭᠴᠠᠯᠠᠯ ᠪᠣᠯᠤᠨ᠎ᠠ᠃ ᠦᠩᠭᠡᠷᠡᠭᠰᠡᠨ ᠤ ᠰᠣᠳᠤᠯᠭᠠᠨ ᠳ᠋ᠤ ᠣᠷᠴᠢᠨ ᠦᠶ ᠡ ᠶᠢᠨ ᠮᠣᠩᠭᠤᠯ ᠤᠷᠠᠨ ᠣᠵᠬᠢᠠᠯ ᠤᠨ ᠡᠭᠦᠰᠦᠯ᠂ ᠲᠡᠦᠬᠡᠨ ᠭᠦᠭᠵᠢᠯ ᠤᠨ ᠲᠣᠬᠠᠢ ᠵᠢᠷᠭᠤᠭᠠᠨ ᠵᠦᠢᠯ ᠤᠨ ᠰᠠᠨᠠᠯ ᠣᠷᠤᠰᠢᠵᠤᠪᠠᠢᠭᠰᠠᠨ ᠢ ᠲᠤᠳᠤᠷᠬᠠᠢᠯᠠᠭᠰᠠᠨ ᠤ ᠬᠠᠮᠲᠤ᠂ ᠤᠷᠠᠨ ᠵᠣᠬᠢᠶᠠᠯ ᠤᠨ ᠴᠠᠭ ᠦᠶᠡᠴᠢ ᠰᠢᠨᠵᠢ᠂ ᠤᠷᠠᠨ ᠵᠣᠬᠢᠶᠠᠯ ᠤᠨ ᠵᠤᠷᠢᠭ ᠰᠠᠨᠠᠭ᠎ᠠ᠂ ᠨᠡᠢᠭᠡᠮ ᠲᠡᠦᠬᠡᠨ ᠬᠤᠪᠢᠷᠠᠯ᠂ ᠤᠷᠠᠨ ᠵᠣᠬᠢᠶᠠᠯ ᠤᠨ ᠵᠠᠭᠤᠴᠢᠯᠠᠭᠤᠷ ᠤᠨ ᠬᠤᠪᠢᠰᠤᠯ ᠳ᠋ᠤ ᠲᠤᠯᠳᠤᠢᠳᠴᠤ᠂ 1911ᠣᠨ ᠡᠴᠡ ᠡᠳᠦᠭᠡ ᠬᠦᠷᠲᠡᠯᠡᠬᠢ ᠴᠠᠭ ᠦᠶ ᠡ ᠪᠡᠯ ᠮᠣᠩᠭᠤᠯ ᠦᠨᠳᠦᠰᠦᠲᠡᠨ ᠤ ᠣᠷᠴᠢᠨ ᠦᠶ ᠡ ᠶᠢᠨ ᠤᠷᠠᠨ ᠵᠣᠬᠢᠶᠠᠯ ᠤᠨ ᠲᠡᠦᠬᠡᠨ ᠭᠦᠭᠵᠢᠯ ᠤᠨ ᠴᠠᠭ ᠦᠶ ᠡ ᠮᠦᠨ ᠭᠡᠬᠦ ᠰᠢᠨ᠎ᠠ ᠦᠵᠡᠯᠲᠡ ᠵᠢ ᠲᠡᠪᠰᠢᠭᠦᠯᠵᠡᠢ᠃
Original Literature View Original Paper
出自 内蒙古师范大学学报 2013年 第2期

联系我们


内蒙古大学图书馆
呼和浩特市大学西路235号
中国·内蒙古
P: (0471) 4992561
E: huangfeilong@imu.edu.cn