Paper Information


Title ᠠᠯᠠᠱᠠ ᠶᠢᠨ ᠵᠡᠭᠦᠨ ᠬᠣᠢᠢᠲᠤ ᠬᠡᠰᠡᠭ ᠤᠨ ᠮᠣᠩᠭ᠋ᠤᠯ ᠠᠷᠠᠳ ᠤᠨ ᠲᠠᠭᠤᠤ ᠶᠢᠨ ᠬᠦᠭ᠌ ᠬᠡᠯᠪᠡᠷᠢ ᠶᠢᠨ ᠲᠣᠬᠠᠢ ᠰᠢᠨᠵᠢᠯᠡᠯ
Creator ᠵᠸᠩ ᠵᠢᠨ
Keyword ᠠᠯᠠᠱᠠ; ᠵᠡᠬᠦᠨ ᠬᠣᠢᠢᠲᠤ ᠬᠡᠰᠡᠭ; ᠬᠦᠭ᠌ ᠬᠡᠯᠪᠡᠷᠢ; ᠠᠷᠠᠳ ᠤᠨ ᠲᠠᠭᠤᠤ
Abstract 《ᠪᠠᠶᠠᠨ ᠬᠠᠷᠠᠤᠨᠠᠢ ᠶᠢᠨ ᠤᠨᠠᠭ᠋ ᠠ》 ᠨᠣᠮ ᠳ᠋ᠤ ᠡᠮᠬᠢᠳᠭᠡᠭ᠍ᠳᠡᠭᠰᠡᠨ ᠠᠯᠠᠱᠠ ᠶᠢᠨ ᠵᠡᠬᠦᠨ ᠬᠣᠢᠢᠲᠤ ᠬᠡᠰᠡᠭ ᠤᠨ ᠠᠷᠠᠳ ᠤᠨ ᠲᠠᠭᠤᠤ ᠳ᠋ᠤ ᠭᠤᠤᠯᠳᠠᠭᠤ ᠬᠦᠩᠭᠳᠠᠭᠤᠨ ᠬᠦᠭ᠌ ᠬᠡᠯᠪᠡᠷᠢ᠂ ᠵᠢᠳᠠᠭᠤᠨ ᠬᠦᠭ᠌ ᠬᠡᠯᠪᠡᠷᠢ ᠶᠢᠨ ᠲᠠᠭᠤᠤ ᠬᠠᠮᠤᠭ ᠲᠣᠪᠤᠢᠢᠮ ᠠ ᠪᠦᠭᠡᠳ ᠲᠣᠭ᠋ ᠠ ᠪᠡᠷ ᠴᠤ ᠤᠯᠠᠨ᠃ ᠲᠠᠷᠠᠭᠠᠯᠠᠪᠠᠯ ᠢᠤᠢᠢᠳᠠᠭᠤᠨ ᠬᠦᠭ᠌ ᠬᠡᠯᠪᠡᠷᠢ ᠶᠢᠨ ᠠᠷᠠᠳ ᠤᠨ ᠲᠠᠭᠤᠤ᠂ ᠪᠠᠰᠠ ᠲᠠᠷᠠᠭᠠᠯᠠᠪᠠᠯ ᠵᠢᠶᠤᠳᠠᠭᠤᠨ ᠬᠦᠭ᠌ ᠬᠡᠯᠪᠡᠷᠢ ᠲᠠᠢ ᠪᠠᠢᠢᠵᠤ᠂ ᠱᠠᠩᠳᠠᠭᠤᠨ ᠬᠦᠭ᠌ ᠬᠡᠯᠪᠡᠷᠢ ᠪᠠᠷᠤᠭ ᠬᠠᠷᠠᠭᠳᠠᠳᠠᠭ ᠦᠭᠡᠢ ᠵᠢ ᠬᠢᠯᠪᠡᠷ ᠮᠡᠳᠡᠵᠦ ᠪᠣᠯᠤᠨ᠌ ᠠ᠃ ᠡᠭᠦᠨ ᠳᠤ ᠶᠠᠮᠠᠷ ᠬᠦᠭ᠌ ᠬᠡᠯᠪᠡᠷᠢ ᠨᠢ ᠴᠤ ᠭᠡᠰᠡᠨ ᠬᠯᠪᠡᠢᠢᠭᠦᠦ ᠲᠠᠭᠤᠨ ᠢ ᠲᠤᠩ ᠪᠠᠭ᠋ ᠠ ᠬᠡᠷᠡᠭᠯᠡᠵᠦ᠂ ᠡᠩ ᠳ᠋ᠡᠭᠡᠨ ᠲᠠᠪᠤᠨ ᠲᠠᠭᠤᠳᠤ ᠬᠦᠭ᠌ ᠬᠡᠯᠪᠡᠷᠢ ᠪᠡᠷ ᠢᠢᠵᠠᠮ ᠤᠨ ᠢᠢᠡᠨ ᠰᠠᠭᠤᠷᠢ ᠪᠣᠯᠭᠠᠵᠤ᠂ ᠬᠠᠶᠠ ᠬᠦᠭ᠌ ᠬᠯᠪᠡᠷᠢ ᠶᠢᠨ ᠰᠣᠯᠢᠭᠳᠠᠯ ᠡᠭᠦᠰᠦᠨ᠂ ᠦᠨᠳᠦᠰᠦᠨ ᠳ᠋ᠡᠭᠡᠨ ᠠᠢᠢᠵᠠᠮ ᠤᠨ ᠵᠢᠮ ᠠ ᠬᠠᠤᠯᠢ ᠪᠠᠨ ᠲᠦᠢᠯ ᠤᠨ ᠴᠢᠩᠭ᠋ ᠠ ᠨᠢᠭ᠋ᠲᠠ ᠵᠢᠷᠤᠮᠯᠠᠳᠠᠭ᠃ ᠬᠦᠩᠳᠠᠭᠤᠨ ᠬᠦᠭ᠌ ᠬᠡᠯᠪᠡᠷᠢ ᠵᠢ ᠶᠡᠬᠡ ᠪᠡᠷ ᠬᠡᠷᠭᠡᠯᠡᠳᠡᠭ ᠨᠢ ᠮᠢᠨᠤ ᠦᠵᠡᠬᠦ ᠪᠡᠷ ᠠᠯᠠᠱᠠ ᠶᠢᠨ ᠵᠣᠬᠦᠨ ᠬᠣᠢᠢᠲᠤ ᠬᠡᠰᠡᠭ ᠤᠨ ᠮᠠᠯᠴᠢᠳ ᠠᠢᠰᠯᠠᠮ ᠤᠨ ᠱᠠᠰᠢᠨ ᠢ ᠰᠢᠲᠦᠨ᠂ ᠦᠷᠭᠦᠯᠵᠢ ᠱᠠᠰᠢᠨ ᠤ ᠬᠦᠳᠡᠯᠭᠡᠭᠡᠨ ᠤ ᠲᠠᠯᠠᠪᠤᠷ ᠲᠤ ᠲᠠᠭᠤᠯᠠᠳᠠᠭ ᠪᠦᠭᠡᠳ ᠬᠦᠩᠳᠡᠭᠦᠨ ᠬᠦᠭ᠌ ᠬᠡᠯᠪᠡᠷᠢ ᠶᠢᠨ ᠠᠷᠠᠳ ᠤᠨ ᠲᠠᠭᠤᠤ ᠶᠢᠨ ᠦᠩᠭᠡ ᠠᠶᠠᠰ ᠤᠨ ᠣᠨᠴᠠᠯᠢᠭ ᠨᠢ ᠲᠦᠪ ᠬᠢᠨᠠᠭᠤᠷ ᠲᠠᠯᠠᠪᠤᠷ ᠲᠤ ᠭᠡᠷᠡᠭᠯᠡᠬᠦ ᠳ᠋ᠤ ᠶᠡᠬᠡ ᠯᠡ ᠵᠣᠬᠢᠮᠵᠢᠲᠠᠢ ᠪᠣᠯᠬᠤ ᠳ᠋ᠤ ᠣᠷᠤᠰᠢᠨ᠌ ᠠ᠃
Original Literature View Original Paper
出自 中国蒙古学 2014年 第1期

联系我们


内蒙古大学图书馆
呼和浩特市大学西路235号
中国·内蒙古
P: (0471) 4992561
E: huangfeilong@imu.edu.cn