Paper Information


Title ᠠᠯᠭᠠᠳᠠᠬᠤ ᠪᠦᠮᠪᠦᠭᠡ ᠶᠢᠨ ᠬᠤᠪᠢ ᠶᠢᠨ ᠳᠠᠭᠠᠷᠢᠯᠲᠠ ᠬᠢᠬᠦ ᠮᠡᠷᠭᠡᠵᠢᠯ ᠦᠨ ᠲᠤᠬᠠᠢ
Creator ᠵᠤᠤ ᠭᠡᠷᠡᠯᠲᠦ
Keyword ᠠᠯᠭᠠᠳᠠᠬᠤ ᠪᠦᠮᠪᠦᠭᠡ; ᠬᠤᠪᠢ ᠬᠦᠮᠦᠨ; ᠳᠠᠭᠠᠷᠢᠯᠲᠠ ᠶᠢᠨ ᠮᠡᠷᠭᠡᠵᠢᠯ
Abstract ᠵᠤᠬᠢᠶᠠᠯ ᠳᠤ᠂ ᠠᠯᠭᠠᠳᠠᠬᠤ ᠪᠦᠮᠪᠦᠭᠡ ᠶᠢᠨ ᠮᠡᠷᠭᠡᠵᠢᠯ ᠦᠨ ᠲᠠᠰᠤᠷᠠᠯᠲᠠ ᠦᠭᠡᠢ ᠳᠡᠭᠡᠭ᠍ᠰᠢᠯᠡᠬᠦ ᠶᠢ ᠳᠠᠭᠠᠯᠳᠤᠨ᠂ ᠠᠯᠭᠠᠳᠠᠬᠤ ᠪᠦᠮᠪᠦᠭᠡᠨ ᠲᠠᠮᠢᠷᠴᠢᠳ ᠤᠨ ᠬᠤᠪᠢ ᠶᠢᠨ ᠳᠠᠭᠠᠷᠢᠯᠲᠠ ᠬᠢᠬᠦ ᠠᠷᠭ᠎ᠠ ᠮᠡᠬᠡ ᠪᠡ ᠣᠯᠠᠨ ᠵᠤᠢ᠌ᠯ ᠤᠨ ᠬᠤᠪᠢᠷᠠᠯᠲᠠ ᠶᠢᠨ ᠮᠡᠷᠭᠡᠵᠢᠯ ᠢ ᠦᠨᠳᠦᠷ ᠬᠡᠮᠵᠢᠶ᠎ᠡ ᠪᠡᠷ ᠱᠠᠭᠠᠷᠳᠠᠵᠤ᠂ ᠬᠤᠷᠴᠠ ᠰᠢᠷᠦᠭᠦᠨ ᠤᠷᠤᠯᠳᠤᠭᠠᠨ ᠤ ᠦᠷᠢᠰᠦᠯᠳᠦᠭᠡᠨ ᠳᠤᠮᠳᠠ ᠳᠠᠭᠠᠷᠢᠯᠲᠠ ᠶᠢᠨ ᠨᠢᠭᠤᠭᠳᠠᠮᠠᠯ ᠬᠦᠴᠦᠨ ᠢᠶᠡᠨ ᠭᠦᠢᠴᠡᠳ ᠪᠠᠳᠠᠷᠠᠭᠤᠯᠵᠤ᠂ ᠡᠰᠡᠷᠭᠦ ᠲᠠᠯ᠎ᠠ ᠶᠢᠨ ᠬᠤᠷᠢᠭᠯᠠᠯᠲᠠ ᠶᠢ ᠰᠦᠷᠳᠡᠭᠦᠯᠳᠡᠭ ᠨᠢ ᠵᠦᠪᠬᠡᠨ ᠳᠠᠭᠠᠷᠢᠯᠲᠠ ᠬᠢᠭ᠍ᠰᠡᠨ ᠪᠦᠮᠪᠦᠭᠡᠨ ᠦ ᠬᠦᠴᠦ ᠶᠢᠨ ᠶᠡᠬᠡ ᠪᠠᠭ᠎ᠠ ᠳᠤ ᠣᠷᠤᠰᠢᠬᠤ ᠪᠢᠰᠢ᠂ ᠨᠡᠩ ᠴᠢᠬᠤᠯᠠ ᠨᠢ ᠳᠠᠭᠠᠷᠢᠯᠲᠠ ᠬᠢᠵᠦ ᠪᠠᠢ᠌ᠭ᠎ᠠ ᠲᠠᠮᠢᠷᠴᠢᠨ ᠤ ᠭᠠᠷ ᠤᠨ ᠤᠶᠠᠨ ᠬᠠᠳᠠᠨ᠂ ᠪᠦᠮᠪᠦᠭᠡᠨ ᠵᠠᠮ ᠤᠨ ᠣᠯᠠᠨ ᠬᠤᠪᠢᠷᠠᠯᠲᠠ ᠳᠤ ᠪᠠᠢ᠌ᠬᠤ ᠪᠤᠯᠬᠤᠷ᠂ ᠬᠤᠪᠢ ᠶᠢᠨ ᠳᠠᠭᠠᠷᠢᠯᠲᠠ ᠶᠢᠨ ᠮᠡᠷᠭᠡᠵᠢᠯ ᠢ ᠡᠵᠡᠮᠰᠢᠬᠦ ᠨᠢ ᠪᠦᠮᠪᠦᠭᠡ ᠬᠦᠮᠦᠷᠢᠬᠦ ᠳᠠᠭᠠᠷᠢᠯᠲᠠ ᠶᠢᠨ ᠭᠤᠤᠯ ᠵᠠᠩ᠋ᠭᠢᠯᠠᠭ᠎ᠠ ᠪᠤᠯᠬᠤ ᠶᠢ ᠳᠤᠷᠠᠳᠤᠨ ᠭᠠᠷᠭᠠᠭᠰᠠᠨ ᠪᠠᠢ᠌ᠨ᠎ᠠ᠃ ᠡᠭᠦᠨ ᠦ ᠰᠠᠭᠤᠷᠢᠨ ᠳᠡᠭᠡᠷ᠎ᠡ ᠰᠤᠷᠭᠠᠭᠤᠯᠢᠯᠠᠯ ᠤᠨ ᠳᠤᠮᠳᠠ ᠬᠤᠪᠢ ᠶᠢᠨ ᠮᠡᠷᠭᠡᠵᠢᠯ ᠢ ᠴᠢᠬᠤᠯᠠᠴᠢᠯᠠᠵᠤ᠂ ᠬᠡᠳᠦᠨ ᠵᠤᠢ᠌ᠯ ᠤᠨ ᠬᠡᠷᠡᠭᠯᠡᠪᠡᠰᠦ ᠵᠤᠬᠢᠬᠤ ᠬᠤᠪᠢ ᠶᠢᠨ ᠳᠠᠭᠠᠷᠢᠯᠲᠠ ᠶᠢᠨ ᠮᠡᠷᠭᠡᠵᠢᠯ ᠢ ᠳᠤᠷᠠᠳᠤᠨ ᠭᠠᠷᠭᠠᠵᠤ᠂ ᠦᠷᠭᠡᠨ ᠣᠯᠠᠨ ᠰᠤᠷᠭᠠᠭᠴᠢ᠂ ᠲᠠᠮᠢᠷᠴᠢᠳ᠂ ᠪᠠᠭᠰᠢ ᠰᠤᠷᠤᠭᠴᠢᠳ ᠲᠤ ᠲᠤᠰᠠᠯᠠᠮᠵᠢ ᠪᠤᠯᠭᠠᠬᠤ ᠶᠢ ᠵᠤᠷᠢᠭᠰᠠᠨ ᠪᠠᠢ᠌ᠨ᠎ᠠ᠃
Original Literature View Original Paper
出自 内蒙古民族大学学报(自然科学) 2014年 第1期

联系我们


内蒙古大学图书馆
呼和浩特市大学西路235号
中国·内蒙古
P: (0471) 4992561
E: huangfeilong@imu.edu.cn