Paper Information


Title ᠺᠠᠢ᠌ᠯᠧᠧᠰ ᠤᠨ ᠣᠷᠴᠢᠭᠤᠯᠤᠭᠰᠠᠨ 《ᠮᠣᠩ᠋ᠭᠤᠯ ᠤᠨ ᠨᠢᠭᠤᠴᠠ ᠲᠤᠪᠴᠶᠠᠨ》᠋ ᠤ ᠠᠩᠭ᠍ᠯᠢ ᠬᠡᠪᠯᠡᠯ ᠳᠡᠬᠢ ᠵᠠᠷᠢᠮ ᠵᠢᠱᠢᠶ᠎ᠡ ᠡᠴᠡ ᠰᠡᠳᠦᠪᠯᠡᠬᠦ ᠨᠢ
Creator ᠰᠡᠴᠡᠨᠪᠠᠲᠤ
Keyword ᠺᠠᠢ᠌ᠯᠧᠧᠰ; 《ᠮᠣᠩ᠋ᠭᠤᠯ ᠤᠨ ᠨᠢᠭᠤᠴᠠ ᠲᠤᠪᠴᠢᠶᠠᠨ》; ᠠᠩᠭ᠍ᠯᠢ ᠬᠡᠪᠯᠡᠯ
Abstract ᠺᠠᠢ᠌ᠯᠧᠧᠰ ᠤᠨ ᠣᠷᠴᠢᠭᠤᠯᠤᠭᠰᠠᠨ ᠠᠩᠭ᠍ᠯᠢ ᠬᠡᠯᠡᠨ ᠦ 《ᠮᠣᠩ᠋ᠭᠤᠯ ᠤᠨ ᠨᠢᠭᠤᠴᠠ ᠲᠤᠪᠴᠢᠶᠠᠨ》(ᠳᠤᠤᠷ᠎ᠠ 《ᠨᠢᠭᠤᠴᠠ ᠲᠤᠪᠴᠢᠶᠠᠨ》ᠭᠡᠵᠦ ᠲᠤᠪᠴᠢᠯᠠᠶ᠎ᠠ) ᠪᠤᠯ ᠬᠠᠮᠤᠭ ᠠᠩ᠋ᠬᠠᠨ ᠤ ᠠᠩᠭ᠍ᠯᠢ ᠬᠡᠯᠡᠨ ᠦ ᠪᠦᠷᠢᠨ ᠣᠷᠴᠢᠭᠤᠯᠭ᠎ᠠ ᠪᠤᠯᠬᠤ ᠮᠦᠷᠲᠡᠭᠡᠨ 《ᠨᠢᠭᠤᠴᠠ ᠲᠤᠪᠴᠢᠶᠠᠨ》᠋ ᠤ ᠲᠡᠭᠦᠨ ᠡᠴᠡ ᠬᠤᠢ᠌ᠨᠠᠬᠢ ᠠᠯᠢᠪᠠ ᠠᠩ᠋ᠭ᠍ᠯᠢ ᠬᠡᠯᠡᠨ ᠦ ᠣᠷᠴᠢᠭᠤᠯᠭ᠎ᠠ ᠰᠤᠳᠤᠯᠭᠠᠨ ᠳᠤ ᠰᠠᠭᠤᠷᠢᠯᠠᠭᠴᠢ ᠴᠢᠨᠠᠷ ᠲᠠᠢ ᠲᠤᠢ᠌ᠯ ᠤᠨ ᠴᠢᠬᠤᠯᠠ ᠲᠤᠯᠭᠠᠤᠷᠢ ᠪᠦᠲᠦᠭᠡᠯ ᠪᠤᠯᠤᠭᠰᠠᠨ ᠪᠠᠢ᠌ᠨ᠎ᠠ᠃ ᠡᠨᠡ ᠬᠦ ᠠᠩ᠋ᠭ᠍ᠯᠢ ᠬᠡᠪᠯᠡᠯ ᠦᠨ 《ᠨᠢᠭᠤᠴᠠ ᠲᠤᠪᠴᠢᠶᠠᠨ》᠋ ᠢ ᠬᠡᠳᠦᠢ᠌ᠪᠡᠷ 1982 ᠣᠨ ᠳᠤ ᠰᠠᠶ‍ᠢ ᠬᠠᠹᠤᠷᠲ᠋ ᠶᠡᠬᠡ ᠰᠤᠷᠭᠠᠭᠤᠯᠢ ᠠᠴᠠ ᠬᠡᠪᠯᠡᠨ ᠲᠠᠷᠬᠠᠭᠠᠭᠰᠠᠨ ᠪᠤᠯᠪᠠᠴᠤ ᠺᠠᠢ᠌ᠯᠧᠧᠰ ᠦᠨᠡᠨ ᠳᠡᠭᠡᠨ 1952 ᠣᠨ ᠠᠴᠠ ᠡᠬᠢᠯᠡᠵᠦ ᠣᠷᠴᠢᠭᠤᠯᠤᠭᠠᠳ 1956 ᠣᠨ ᠳᠤ ᠨᠢᠭᠡᠨᠲᠡ ᠲᠡᠭᠦᠰᠭᠡᠨ᠂ 1957 ᠣᠨ ᠳᠤ ᠬᠡᠪᠯᠡᠯ ᠳᠤ ᠳᠡᠪᠰᠢᠭᠦᠯᠦᠭᠰᠨ ᠪᠠᠢ᠌ᠭ᠎ᠠ ᠶᠤᠮ᠃ ᠲᠡᠷᠡ ᠨᠢ ᠣᠳᠣ ᠬᠦᠷᠲᠡᠯᠡᠬᠢ ᠬᠠᠮᠤᠭ ᠤᠨ ᠨᠦᠯᠦᠭᠡ ᠶᠡᠬᠡᠲᠡᠢ ᠮᠦᠷᠲᠡᠭᠡᠨ ᠡᠷᠬᠡᠪᠰᠢ ᠠᠩ᠋ᠬᠠᠷᠬᠤ ᠴᠢᠬᠤᠯᠠ ᠲᠠᠢ ᠨᠢᠭᠡᠨ ᠪᠦᠲᠦᠭᠡᠯ ᠪᠤᠯᠤᠭᠠᠳ ᠪᠤᠢ᠃ ᠭᠡᠬᠦ ᠳᠡᠭᠡᠨ ᠬᠡᠷᠪᠡ ᠺᠠᠢ᠌ᠯᠧᠧᠰ ᠤᠨ ᠣᠷᠴᠢᠭᠤᠯᠤᠭᠰᠠᠨ ᠲᠤᠬᠠᠢ ᠶᠢᠨ ᠲᠡᠦᠬᠡᠨ ᠠᠬᠤᠢ ᠵᠢᠴᠢ ᠣᠷᠴᠢᠭᠤᠯᠭ᠎ᠠ ᠶᠢᠨ ᠵᠤᠷᠢᠯᠭ᠎ᠠ ᠬᠠᠷᠠᠯᠲᠠ ᠵᠡᠷᠭᠡ ᠶᠢ ᠪᠦᠷᠢᠨ ᠣᠢ᠌ᠯᠠᠭᠠᠬᠤ ᠦᠭᠡᠢ ᠨᠦᠬᠦᠴᠡᠯ ᠳᠤᠤᠷ᠎ᠠ ᠵᠦᠪᠬᠡᠨ ᠠᠩᠭ᠍᠋ᠯᠢ᠂ ᠮᠣᠩ᠋ᠭᠤᠯ ᠬᠤᠶᠠᠷ ᠬᠡᠯᠡ᠂ ᠡᠰᠡᠪᠡᠯ ᠠᠩᠭ᠍ᠯᠢ᠂ ᠮᠣᠩ᠋ᠭᠤᠯ᠂ ᠬᠢᠲᠠᠳ ᠬᠡᠳᠦᠨ ᠬᠡᠯᠡᠨ ᠦ ᠦᠭᠡᠰ ᠦᠨ ᠵᠦᠷᠢᠶ᠎ᠡ ᠶᠢ ᠬᠠᠷᠢᠴᠠᠭᠤᠯᠤᠨ ᠰᠤᠳᠤᠯᠬᠤ ᠨᠢ ᠣᠷᠴᠢᠭᠤᠯᠭ᠎ᠠ ᠶᠢᠨ ᠤᠬᠠᠭᠠᠨ ᠤ ᠵᠦᠢ ᠶᠤᠰᠤᠨ ᠳᠤ ᠨᠡᠢ᠌ᠴᠡᠬᠦ ᠦᠭᠡᠢ ᠮᠦᠷᠲᠡᠭᠡᠨ ᠡᠷᠳᠡᠮ ᠰᠢᠨᠵᠢᠯᠡᠭᠡᠨ ᠦ ᠨᠠᠢ᠌ᠳᠠᠪᠤᠷᠢᠲᠠᠢ ᠦᠷ᠎ᠡ ᠳ᠋ᠦᠩ ᠣᠯᠬᠤ ᠳᠤ ᠴᠤ ᠪᠡᠷᠬᠡᠲᠡᠢ ᠶᠤᠮ᠃
Original Literature View Original Paper
出自 中国蒙古学 2013年 第2期

联系我们


内蒙古大学图书馆
呼和浩特市大学西路235号
中国·内蒙古
P: (0471) 4992561
E: huangfeilong@imu.edu.cn