Paper Information


Title ᠮᠤᠨᠭᠭᠤᠯ ᠤᠷᠠᠨ ᠵᠤᠬᠢᠶᠠᠯ ᠤᠨ ᠲᠡᠦᠬᠡᠨ᠎ᠡ ᠪᠠᠯᠠᠷᠠᠰᠢ ᠦᠭᠡᠢ ᠨᠢᠭᠡᠨ ᠭᠡᠷᠡᠯᠲᠦ ᠬᠦᠰᠢᠶ᠎ᠡ
Creator ᠮ‍᠂ ᠰ‍᠂ ᠦᠯᠵᠡᠢ
Keyword 《ᠵᠠᠭᠤᠨ ᠪᠢᠯᠢᠭ᠌》; ᠠᠭᠤᠯᠤᠮᠵᠢ; ᠤᠨᠴᠠᠯᠢᠭ; ᠦᠨ᠎ᠡ ᠴᠠᠨ᠎ᠠ
Abstract 《ᠵᠠᠭᠤᠨ ᠪᠢᠯᠢᠭ᠌》ᠨᠢ ᠵᠦᠪᠬᠡᠨ ᠮᠤᠨᠭᠭᠤᠯ ᠤᠷᠠᠨ ᠵᠤᠬᠢᠶᠠᠯ ᠢ ᠰᠤᠷᠴᠤ ᠰᠤᠳᠤᠯᠬᠤ ᠬᠦᠮᠦᠰ ᠦᠨ ᠬᠡᠷᠡᠭᠴᠡᠭᠡᠨ ᠳᠦ ᠲᠡᠳᠦᠢ ᠦᠭᠡᠢ ᠪᠦᠬᠦᠶᠢᠯᠡ ᠮᠤᠨᠭᠭᠤᠯ ᠰᠤᠤᠯᠭᠠᠨ ᠤ ᠬᠦᠷᠢᠶᠡᠨ ᠳᠦ ᠰᠤᠳᠤᠯᠭ᠎ᠠ ᠰᠢᠨᠵᠢᠯᠡᠭᠡ ᠦᠷᠨᠢᠭᠦᠯᠵᠦ ᠶᠠᠪᠤᠭ᠎ᠠ ᠤᠯᠠᠨ ᠮᠡᠷᠭᠡᠳ ᠦᠨ ᠭᠠᠷ ᠤᠨ ᠠᠪᠤᠯᠭ᠎ᠠ ᠰᠢᠷᠡᠭᠡᠨ ᠦ ᠪᠠᠶᠢᠩ᠋ᠭᠤ ᠶᠢᠨ ᠨᠤᠮ ᠪᠤᠯᠤᠭᠰᠠᠨ ᠨᠢ ᠲᠤᠰ ᠨᠤᠮ ᠳᠤ ᠠᠭᠤᠯᠤᠭᠰᠠᠨ ᠪᠠᠶᠠᠯᠢᠭ ᠠᠭᠤᠯᠭ᠎ᠠ᠂ ᠦᠷᠭᠡᠨ ᠬᠡᠪᠴᠢᠶ᠎ᠡ ᠡᠴᠡ ᠭᠠᠳᠠᠨ᠎ᠠ ᠨᠠᠶᠢᠷᠠᠭᠤᠯᠤᠨ ᠲᠤᠭᠤᠷᠪᠢᠭᠴᠢ ᠶᠢᠨ ᠭᠦᠨ ᠮᠡᠳᠡᠯᠭᠡ᠂ ᠭᠦᠨᠵᠡᠭᠡᠢ ᠰᠤᠳᠤᠯᠤᠯ ᠲᠠᠢ ᠨᠢᠭᠲᠠ ᠬᠤᠯᠪᠤᠭᠳᠠᠨ᠎ᠠ ᠭᠡᠳᠡᠭ ᠢ ᠳᠠᠪᠲᠠᠨ ᠬᠡᠯᠡᠮᠡᠷ ᠪᠠᠶᠢᠨ᠎ᠠ᠃ ᠡᠬᠢᠯᠡᠯ ᠲᠡᠭᠦᠰᠭᠡᠯ ᠦᠨ ᠢᠶᠡᠨ ᠬᠤᠭᠤᠷᠤᠨᠳᠤ ᠤᠯᠠᠨ ᠵᠠᠭᠤᠨ ᠵᠢᠯ ᠢᠶᠡᠷ ᠠᠯᠤᠰᠯᠠᠭᠰᠠᠨ ᠠᠳᠠᠯᠢ ᠪᠤᠰᠤ ᠡᠷᠢᠨ ᠴᠠᠭ ᠤᠨ ᠶᠠᠩᠵᠤ ᠪᠥᠷᠢ ᠶᠢᠨ ᠪᠢᠴᠢᠮᠡᠯ᠂ ᠬᠠᠭᠤᠯᠪᠤᠷᠢ᠂ ᠪᠠᠷ ᠬᠡᠪᠯᠡᠯ ᠢᠶᠡᠷ ᠤᠯᠠᠮᠵᠢᠯᠠᠨ ᠢᠷᠡᠭᠰᠡᠨ ᠮᠤᠨᠭᠭᠤᠯ ᠤᠷᠠᠨ ᠵᠤᠬᠢᠶᠠᠯ ᠤᠨ ᠦᠪ ᠪᠢᠴᠢᠭ᠌ ᠢ 《ᠵᠠᠭᠤᠨ ᠪᠢᠯᠢᠭ᠌》᠋ ᠲᠦ ᠤᠷᠤᠭᠤᠯᠬᠤ ᠳᠠᠭᠠᠨ ᠶᠠᠳᠠᠵᠤ ᠦᠰᠦᠭ ᠪᠢᠴᠢᠭ᠌ ᠦᠨ ᠬᠢᠨᠢ ᠬᠡᠪ ᠳᠦᠷᠰᠦ ᠶᠢ ᠬᠦᠷᠲᠡᠯ᠎ᠡ ᠤᠤᠯ ᠶᠤᠰᠤ ᠪᠠᠷ ᠨᠢ ᠢᠯᠡᠳᠭᠡᠬᠦ ᠶᠢ ᠵᠤᠷᠢᠵᠤ ᠬᠡᠴᠢᠶᠡᠬᠦ ᠵᠠᠷᠴᠢᠮ ᠢ ᠪᠠᠷᠢᠮᠲᠠᠯᠠᠭᠰᠠᠨ ᠨᠢ ᠮᠦᠨ ᠭᠦ ᠰᠤᠷᠪᠤᠯᠵᠢ ᠪᠢᠴᠢᠭ᠌ ᠦᠨ ᠰᠤᠳᠤᠯᠤᠯ ᠰᠢᠨᠵᠢᠯᠡᠭᠡᠨ ᠦᠷᠨᠢᠭᠦᠯᠬᠦ ᠳᠦ ᠶᠡᠬᠡᠬᠡᠨ ᠨᠡᠮᠡᠷᠢ ᠲᠤᠰᠠ ᠲᠠᠢ᠃
Original Literature View Original Paper
出自 中国蒙古学 2010年 第6期

联系我们


内蒙古大学图书馆
呼和浩特市大学西路235号
中国·内蒙古
P: (0471) 4992561
E: huangfeilong@imu.edu.cn