Paper Information


Title ᠶᠤᠸᠠᠨ ᠤ ᠦᠶ᠎ᠡ ᠳᠡᠬᠢ ᠬᠢᠲᠠᠳᠴᠤᠳ ᠤᠨ ᠮᠣᠩᠭᠤᠯ ᠣᠪᠤᠭ ᠨᠡᠷ᠎ᠡ ᠶᠢᠨ ᠲᠤᠬᠠᠢ
Creator ᠭᠧ‍ · ᠨᠠᠮᠵᠢᠯ
Keyword
Abstract ᠲᠡᠦᠬᠡᠨ ᠲᠡᠮᠳᠡᠭᠯᠡᠯ ᠢ ᠦᠨᠳᠦᠰᠦᠯᠡᠪᠡᠯ᠂ ᠶᠤᠸᠠᠨ ᠤᠯᠤᠰ ᠤᠨ ᠪᠦᠬᠦᠢᠯᠡ ᠬᠤᠭ᠋ᠤᠴᠠᠭ᠋ᠠᠨ ᠳᠤ ᠴᠦᠬᠡᠨ ᠪᠤᠰᠤ ᠬᠢᠲᠠᠳ ᠬᠦᠮᠦᠨ ᠮᠣᠩᠭᠤᠯ ᠬᠤᠪᠴᠠᠰᠤ ᠡᠮᠦᠰᠴᠦ᠂ ᠮᠣᠩᠭᠤᠯ ᠡᠬᠡᠨ᠋ᠡᠷ ᠠᠪᠴᠤ᠂ ᠮᠣᠩᠭᠤᠯ ᠦᠭᠡ ᠬᠡᠯᠡᠳᠡᠭ ᠲᠡᠢ ᠠᠳᠠᠯᠢ ᠪᠠᠷ ᠮᠣᠩᠭᠤᠯ ᠣᠪᠤᠭ ᠠᠪᠴᠤ ᠮᠣᠩᠭᠤᠯ ᠨᠡᠷ᠎ᠡ ᠬᠡᠷᠡᠭᠯᠡᠵᠦ ᠪᠠᠢᠵᠠᠢ᠃ ᠡᠭᠦᠨ ᠳᠦ ᠲᠡᠳᠡᠨ᠋ᠦᠰ ᠦᠨ ᠮᠣᠩᠭᠤᠯ ᠣᠪᠤᠭ ᠨᠡᠷ᠎ᠡ ᠬᠡᠷᠡᠭᠯᠡᠭᠰᠡᠨ ᠬᠡᠯᠪᠡᠷᠢ ᠮᠠᠶᠢᠭ᠂ ᠪᠤᠳᠤᠯ ᠵᠤᠷᠢᠯᠭ᠎ᠠ ᠨᠢ ᠪᠦᠷ ᠠᠳᠠᠯᠢ ᠪᠤᠰᠤ ᠪᠠᠢᠳᠠᠭ᠃ ᠲᠤᠰ ᠦᠭᠦᠯᠡᠯ ᠳᠦ᠂ ᠶᠤᠸᠠᠨ ᠤᠯᠤᠰ ᠤᠨ ᠡᠵᠡᠨ ᠬᠠᠭ᠋ᠠᠳ ᠤᠨ ᠣᠪᠤᠭ ᠨᠡᠷ᠎ᠡ ᠰᠤᠶᠤᠷᠬᠠᠯ ᠨᠢ ᠬᠡᠰᠡᠭ ᠬᠢᠲᠠᠳᠴᠤᠳ ᠤᠨ ᠬᠢᠲᠠᠳ ᠣᠪᠤᠭ ᠨᠡᠷ᠎ᠡ ᠪᠡᠨ ᠭᠡᠭᠡᠵᠦ᠂ ᠮᠣᠩᠭᠤᠯ ᠣᠪᠤᠭ ᠨᠡᠷ᠎ᠡ ᠬᠡᠷᠡᠭᠯᠡᠭᠰᠡᠨ ᠦ ᠨᠢᠭᠡ ᠰᠢᠯᠲᠠᠭ᠋ᠠᠨ ᠪᠤᠯᠤᠭᠰᠠᠨ ᠪᠦᠭᠡᠳ ᠨᠦᠭᠦᠭᠡ ᠲᠠᠯ᠎ᠠ ᠪᠠᠷ ᠶᠤᠸᠠᠨ ᠤ ᠦᠶ᠎ᠡ ᠶᠢᠨ ᠮᠣᠩᠭᠤᠯ ᠤᠨ ᠨᠤᠶᠠᠷᠬᠠᠭᠴᠤᠳ ᠦᠨᠳᠦᠰᠦᠲᠡᠨ ᠨᠦᠬᠦᠳ ᠢ ᠵᠡᠷᠭᠡ ᠳᠡᠰ ᠬᠤᠪᠢᠶᠠᠵᠤ᠂ ᠬᠠᠷᠢ ᠦᠨᠳᠦᠰᠦᠲᠡᠨ ᠢ ᠬᠠᠭ᠋ᠠᠴᠠᠭ᠋ᠤᠯᠤᠨ ᠵᠠᠳᠠᠷᠠᠭ᠋ᠤᠯᠵᠤ᠂ ᠬᠢᠲᠠᠳᠴᠤᠳ ᠢ ᠰᠡᠷᠭᠡᠢᠯᠡᠨ ᠬᠢᠵᠠᠭ᠋ᠠᠷᠯᠠᠬᠤ ᠲᠦᠷᠦ ᠶᠢᠨ ᠪᠤᠳᠤᠯᠭ᠎ᠠ ᠶᠠᠪᠤᠭ᠋ᠤᠯᠤᠭᠰᠠᠨ ᠠᠴᠠ ᠴᠦᠬᠡᠨ ᠪᠤᠰᠤ ᠬᠢᠲᠠᠳᠴᠤᠳ ᠤᠯᠤᠰ ᠲᠦᠷᠦ ᠶᠢᠨ ᠲᠠᠯ᠎ᠠ ᠪᠠᠷ ᠭᠠᠷᠬᠤ ᠵᠠᠮ ᠣᠯᠬᠤ ᠶᠢᠨ ᠲᠦᠯᠦᠭᠡ᠂ ᠣᠪᠤᠭ ᠨᠡᠷ᠎ᠡ ᠪᠡᠨ ᠬᠠᠯᠠᠵᠤ ᠮᠣᠩᠭᠤᠯ ᠣᠪᠤᠭ ᠨᠡᠷ᠎ᠡ ᠬᠡᠷᠡᠭᠯᠡᠬᠦ ᠪᠤᠯᠵᠤ ᠪᠠᠢᠭᠰᠠᠨ ᠢ ᠨᠠᠷᠢᠪᠴᠢᠯᠠᠨ ᠦᠭᠦᠯᠡᠭᠰᠡᠨ ᠠᠵᠠᠢ᠃
Original Literature No Original Paper
出自 内蒙古民族大学学报(社会科学) 1994年 第1期

联系我们


内蒙古大学图书馆
呼和浩特市大学西路235号
中国·内蒙古
P: (0471) 4992561
E: huangfeilong@imu.edu.cn