Title |
ᠱᠠᠰᠢᠨ ᠰᠢᠲᠦᠯᠭᠡ ᠳᠦ ᠬᠤᠯᠪᠤᠭᠳᠠᠭᠰᠠᠨ ᠵᠠᠷᠢᠮ ᠵᠦᠢᠷᠯᠡᠭᠰᠡᠨ ᠬᠡᠯᠡᠯᠭᠡ ᠬᠢᠭᠡᠳ ᠮᠣᠩᠭᠤᠯᠴᠤᠳ ᠤᠨ ᠰᠡᠳᠬᠢᠭᠦᠢ |
Creator |
ᠭᠠᠯᠰᠠᠩ; ᠵᠠᠩ ᠯᠢ ᠮᠧᠢ |
Keyword |
ᠱᠠᠰᠢᠨ ᠰᠢᠲᠦᠯᠭᠡ; ᠵᠦᠷᠯᠡᠭᠰᠡᠨ ᠬᠡᠯᠡᠯᠭᠡ; ᠰᠡᠳᠬᠢᠭᠦᠢ |
Abstract |
ᠶᠤᠸᠠᠨ ᠤᠯᠤᠰ ᠠᠴᠠ ᠡᠮᠦᠨᠡᠬᠢ ᠦᠶ᠎ᠡ ᠳᠦ ᠪᠦᠬᠡ ᠶᠢᠨ ᠱᠠᠰᠢᠨ ᠨᠤᠶᠠᠷᠬᠠᠬᠤ ᠪᠠᠢᠷᠢᠨ ᠳᠤ ᠪᠠᠢᠵᠤ᠂ ᠮᠣᠩᠭᠤᠯᠴᠤᠳ ᠪᠦᠬᠡ ᠶᠢ ᠶᠡᠬᠡ ᠪᠡᠷ ᠰᠢᠲᠦᠵᠦ ᠪᠠᠢᠪᠠ᠃ ᠶᠤᠸᠠᠨ ᠤᠯᠤᠰ ᠠᠴᠠ ᠨᠠᠭᠠᠰᠢ ᠣᠨᠴᠠᠭᠠᠢᠯᠠᠨ ᠮᠠᠨᠵᠤ ᠲᠦᠷᠦ ᠶᠢᠨ ᠦᠶ᠎ᠡ ᠳᠦ ᠮᠣᠩᠭᠤᠯ ᠣᠷᠤᠨ ᠳᠤ ᠪᠤᠷᠬᠠᠨ ᠱᠠᠰᠢᠨ ᠶᠡᠬᠡ ᠪᠡᠷ ᠤᠯᠠᠮᠵᠢᠯᠠᠭᠳᠠᠨ ᠳᠡᠯᠭᠡᠷᠡᠵᠡᠢ᠃ ᠮᠣᠩᠭᠤᠯ ᠣᠷᠤᠨ ᠳᠤ ᠱᠠᠰᠢᠨ ᠳᠡᠯᠭᠡᠷᠡᠬᠦ ᠶᠢ ᠳᠠᠭᠠᠯᠳᠤᠨ᠂ ᠮᠣᠩᠭᠤᠯ ᠬᠡᠯᠡᠨ ᠦ ᠦᠭᠡᠰ ᠦᠨ ᠰᠠᠩ ᠳᠤ ᠱᠠᠰᠢᠨ ᠰᠢᠲᠦᠯᠭᠡ ᠲᠡᠢ ᠬᠤᠯᠪᠤᠭᠳᠠᠭᠰᠠᠨ ᠵᠦᠢᠷᠯᠡᠭᠰᠡᠨ ᠦᠭᠡ ᠬᠡᠯᠡᠯᠭᠡ ᠪᠤᠢ ᠪᠤᠯᠵᠠᠢ᠃ ᠬᠤᠵᠢᠮ ᠨᠢ ᠱᠠᠰᠢᠨ ᠰᠢᠲᠦᠯᠭᠡ ᠶᠢᠨ ᠰᠤᠯᠠᠷᠠᠬᠤ ᠶᠢ ᠳᠠᠭᠠᠯᠳᠤᠨ᠂ ᠡᠳᠡᠭᠡᠷ ᠦᠭᠡᠰ ᠨᠢ ᠤᠤᠯ ᠤᠳᠬ᠎ᠠ ᠠᠴᠠ ᠪᠠᠨ ᠤᠳᠬ᠎ᠠ ᠰᠠᠯᠪᠤᠷᠢᠯᠠᠨ ᠬᠡᠷᠡᠭᠯᠡᠭᠳᠡᠬᠦ ᠪᠤᠯᠤᠭᠰᠠᠨ ᠪᠠᠢᠨ᠎ᠠ᠃ ᠲᠤᠬᠠᠢᠯᠠᠪᠠᠯ᠂ 《ᠬᠦᠷᠢᠮ ᠬᠢᠬᠦ》 ᠭᠡᠳᠡᠭ ᠨᠢ ᠡᠪᠡᠳᠴᠢᠯᠡᠭᠰᠡᠨ ᠪᠤᠶᠤ ᠦᠬᠦᠭᠰᠡᠨ ᠬᠦᠮᠦᠨ ᠳᠦ ᠪᠤᠶᠠᠨ ᠦᠢᠯᠡᠳᠴᠦ ᠦᠭᠬᠦ ᠨᠡᠷ᠎ᠡ ᠪᠡᠷ ᠨᠤᠮ ᠤᠩᠰᠢᠬᠤ ᠦᠢᠯᠡ ᠶᠢ ᠵᠢᠭᠠᠵᠤ ᠪᠠᠢᠭᠰᠠᠨ ᠠᠴᠠ ᠬᠤᠵᠢᠮ ᠨᠢ ᠠᠭᠠᠵᠢᠮ ᠢᠶᠠᠷ ᠤᠳᠬ᠎ᠠ ᠰᠢᠯᠵᠢᠵᠦ ᠶᠠᠮᠠᠷ ᠨᠢᠭᠡᠨ ᠮᠠᠭᠤ ᠦᠢᠯᠡ ᠦᠢᠯᠡᠳᠬᠦ ᠶᠢ ᠵᠦᠢᠷᠯᠡᠨ ᠢᠯᠡᠳᠭᠡᠳᠡᠭ ᠪᠤᠯᠪᠠ᠃ 《ᠯᠠᠢᠴᠢᠩ ᠪᠠᠭᠤᠬᠤ》 ᠭᠡᠵᠦ ᠪᠦᠬᠡ ᠣᠷᠤᠰᠢᠬᠤ ᠶᠢ ᠵᠢᠭᠠᠭᠰᠠᠨ ᠤᠳᠬ᠎ᠠ ᠲᠠᠢ ᠪᠠᠢᠭᠰᠠᠨ ᠠᠴᠠ ᠪᠠᠨ ᠣᠳᠣ ᠳᠤ ᠵᠦᠭ ᠴᠢᠭ ᠦᠭᠡᠢ ᠶᠡᠬᠡᠲᠡ ᠵᠠᠩᠨᠠᠵᠤ ᠠᠭᠠᠰᠢᠯᠠᠬᠤ ᠶᠢ ᠵᠦᠷᠯᠡᠨ ᠢᠯᠡᠳᠭᠡᠳᠡᠭ ᠪᠤᠯᠵᠠᠢ᠃ |
Original Literature |
No Original Paper
|
出自 |
内蒙古民族大学学报(社会科学)
2015年
第4期
|