Paper Information


Title ᠲᠤᠭᠤᠵᠢ 《ᠨᠢᠯᠬ᠎ᠠ ᠴᠡᠴᠡᠭ》ᠲᠡᠬᠢ ᠣᠢ᠌ᠷᠠᠳ ᠵᠠᠩ ᠦᠢᠯᠡ ᠶᠢᠨ ᠶᠤᠰᠤᠨ ᠤ ᠲᠤᠬᠠᠢ ᠳᠤ
Creator ᠤᠷᠤᠯᠠᠮᠵᠠᠪ
Keyword ᠲᠤᠭᠤᠵᠢ; 《ᠨᠢᠯᠬ᠎ᠠ ᠴᠡᠴᠡᠭ》; ᠣᠢ᠌ᠠᠳ ᠵᠠᠩ ᠦᠢᠯᠡ
Abstract ᠬᠤ‍᠂ ᠪᠠᠳᠠᠢ ᠪᠤᠯ ᠰᠢᠨᠵᠢᠶᠠᠩ ᠤᠨ ᠣᠳᠣ ᠦᠶ᠎ᠡ ᠶᠢᠨ ᠮᠣᠩ᠋ᠭᠤᠯ ᠤᠳᠬ᠎ᠠ ᠵᠤᠬᠢᠶᠠᠯ ᠤᠨ ᠳᠠᠪᠴᠠᠩ ᠳᠡᠭᠡᠷ᠎ᠡ ᠡᠯᠪᠡᠭ᠌ ᠪᠦᠲᠦᠭᠡᠯ ᠲᠡᠢ᠂ ᠨᠦᠯᠦᠭᠡ ᠶᠡᠬᠡᠲᠡᠢ᠂ ᠣᠯᠠᠨ ᠲᠠᠯ᠎ᠠ ᠶᠢᠨ ᠮᠡᠳᠡᠯᠭᠡ ᠪᠤᠯᠪᠠᠰᠤᠷᠠᠯ ᠳᠤ ᠴᠠᠭᠠᠷᠠᠭᠰᠠᠨ ᠠᠬᠠᠮᠠᠳ ᠵᠤᠬᠢᠶᠠᠯᠴᠢ ᠶᠤᠮ᠃ ᠲᠡᠷᠡ ᠪᠡᠷ ᠠᠷᠪᠢᠨ ᠣᠯᠠᠨ ᠰᠢᠯᠦᠭ᠂ ᠨᠠᠢ᠌ᠷᠠᠭᠤᠯᠤᠯ᠂ ᠦᠭᠦᠯᠡᠯᠭᠡ᠂ ᠲᠤᠭᠤᠵᠢ᠂ ᠷᠤᠮᠠᠨ᠂ ᠦᠭᠦᠯᠡᠯ ᠵᠡᠷᠭᠡ ᠣᠯᠠᠨ ᠲᠦᠷᠦᠯ ᠦᠨ ᠵᠤᠬᠢᠶᠠᠯ ᠪᠦᠲᠦᠭᠡᠯ ᠪᠢᠴᠢᠨ ᠲᠤᠭᠤᠷᠪᠢᠵᠤ ᠨᠡᠢ᠌ᠲᠡᠯᠡᠭᠦᠯᠦᠭᠰᠡᠭᠡᠷ ᠢᠷᠡᠵᠡᠢ᠃ ᠲᠤᠰ ᠦᠭᠦᠯᠡᠯ ᠳᠦ ᠂ ᠬᠤ‍᠂ ᠪᠠᠳᠠᠢ ᠶᠢᠨ ᠤᠤᠭᠠᠨ ᠲᠤᠭᠤᠵᠢ ᠪᠤᠯᠬᠤ 《ᠨᠢᠯᠬ᠎ᠠ ᠴᠡᠴᠡᠭ》ᠲᠤ ᠢᠯᠡᠷᠡᠭᠰᠡᠨ ᠣᠢ᠌ᠷᠠᠳ ᠮᠣᠩ᠋ᠭᠤᠯᠴᠤᠳ ᠤᠨ ᠦᠪᠡᠷᠮᠢᠴᠡ ᠣᠨᠴᠠᠯᠢᠭ ᠪᠦᠬᠦᠢ ᠵᠠᠩᠰᠢᠯ ᠰᠤᠶᠤᠯ ᠢ ᠵᠠᠳᠠᠯᠤᠨ ᠰᠢᠨᠵᠢᠯᠡᠵᠦ᠂ ᠣᠢ᠌ᠷᠠᠳ ᠮᠣᠩ᠋ᠭᠤᠯᠴᠤᠳ ᠤᠨ ᠵᠠᠷᠢᠮ ᠵᠠᠩ ᠵᠠᠩᠰᠢᠯ ᠤᠨ ᠪᠤᠰᠤᠳ ᠮᠣᠩ᠋ᠭᠤᠯᠴᠤᠳ ᠠᠴᠠ ᠢᠯᠭᠠᠭᠳᠠᠬᠤ ᠦᠪᠡᠷᠮᠢᠴᠡ ᠣᠨᠴᠠᠯᠢᠭ ᠢ ᠤᠯᠠᠮ ᠳᠤᠪᠤᠢ᠌ᠯᠠᠬᠤ ᠶᠢ ᠵᠤᠷᠢᠭᠰᠠᠨ ᠶᠤᠮ᠃
Original Literature View Original Paper
出自 西部蒙古论坛 2012年 第3期

联系我们


内蒙古大学图书馆
呼和浩特市大学西路235号
中国·内蒙古
P: (0471) 4992561
E: huangfeilong@imu.edu.cn