Title |
ᠣᠳᠤᠬᠠᠨ ᠤ ᠮᠣᠩᠭ᠋ᠤᠯ ᠨᠣᠮ ᠬᠡᠪᠯᠡᠯ ᠳᠤ ᠲᠤᠯᠭᠠᠷᠠᠵᠤ ᠪᠠᠢᠭ᠎ᠠ ᠠᠰᠠᠭᠤᠳᠠᠯ ᠢ ᠰᠢᠨᠵᠢᠯᠡᠬᠦ ᠨᠢ |
Creator |
ᠮᠦᠩᠬᠡᠪᠠᠭᠠᠲᠤᠷ |
Keyword |
ᠮᠣᠩᠭ᠋ᠤᠯ ᠨᠣᠮ ᠬᠡᠪᠯᠡᠯ ;ᠤᠷᠤᠰᠢᠵᠤ ᠪᠠᠢᠭ᠎ᠠ ᠠᠰᠠᠭᠤᠳᠠᠯ;ᠰᠢᠢᠳᠪᠦᠷᠢᠯᠡᠬᠦ ᠠᠷᠭ᠎ᠠ ᠪᠣᠳᠤᠯᠭ᠎ᠠ |
Abstract |
ᠬᠡᠪᠯᠡᠯ ᠤᠨ ᠬᠣᠷᠢᠶ ᠠ ᠮᠡᠳᠡᠭᠡ ᠵᠠᠩᠬᠢ ᠶᠢᠨ ᠡᠬᠢ ᠪᠠᠶᠠᠯᠢᠭ ᠢ ᠡᠮᠬᠢᠳᠭᠡᠨ ᠴᠤᠭᠯᠠᠭᠤᠯᠬᠤ᠂ ᠰᠡᠳᠦᠪ ᠰᠤᠩᠭ᠋ᠤᠬᠤ᠂ ᠨᠠᠢᠢᠷᠠᠭᠤᠯᠤᠵ ᠬᠡᠪᠯᠡᠬᠦᠯᠬᠦ᠂ ᠪᠣᠷᠤᠯᠠᠭᠤᠯᠤᠨ ᠲᠠᠷᠬᠠᠭᠠᠬᠤ ᠵᠡᠷᠭᠡ ᠠᠵᠢᠯ ᠤᠨ ᠴᠢᠬᠤᠯᠠ ᠪᠠᠢᠢᠭᠤᠯᠤᠮᠢ ᠪᠣᠯᠤᠭᠰᠠᠨ ᠤ ᠬᠣᠪᠢ ᠳ᠋ᠤ᠂ ᠴᠦᠬᠡᠨ ᠲᠤᠭᠠᠲᠤ ᠦᠨᠳᠦᠰᠦᠲᠡᠨ ᠤ ᠭᠠᠵᠠᠷ ᠣᠷᠤᠨ ᠤ ᠰᠣᠶᠣᠯ ᠤᠨ ᠡᠬᠢ ᠪᠠᠶᠠᠯᠢᠭ ᠢ ᠨᠡᠭᠡᠭᠡᠨ ᠬᠦᠭ᠍ᠵᠢᠬᠦᠯᠬᠦ ᠳ᠋ᠤ ᠴᠢᠬᠤᠯᠠ ᠦᠢᠯᠡᠳᠦᠯ ᠦᠵᠡᠭᠦᠯᠬᠦ ᠲᠤᠯᠠ ᠠᠳᠠᠯᠢ ᠪᠣᠰᠤ ᠬᠡᠷᠡᠭᠯᠡᠭᠴᠢᠳ ᠤᠨ ᠡᠯ ᠠ ᠲᠦᠷᠦᠯ ᠤᠨ ᠪᠣᠯᠤᠯᠴᠠᠭᠠᠲᠤ ᠡᠬᠢ ᠪᠠᠶᠠᠯᠢᠭ ᠢ ᠬᠦᠳᠡᠯᠦᠩᠬᠦᠢ ᠪᠡᠷ ᠨᠡᠭᠡᠭᠡᠨ ᠵᠠᠳᠠᠯᠵᠤ᠂ ᠤᠬᠠᠭᠤᠯᠤᠨ ᠰᠡᠳᠦᠬᠦ ᠬᠢᠭᠡᠳ ᠲᠠᠷᠤᠮᠯᠠᠨ ᠲᠠᠷᠬᠠᠭᠠᠬᠤ ᠵᠢ ᠰᠢᠰᠲ᠍᠋᠋᠍᠋ᠸᠮ ᠲᠠᠢ ᠠᠰᠢᠭᠯᠠᠬᠤ ᠲ᠋ᠤ ᠲᠦᠭᠦᠮ ᠦᠵᠡᠭᠦᠯᠬᠦ ᠬᠦᠨᠳᠦ ᠡᠭᠦᠷᠭᠡ ᠵᠢ ᠡᠭᠦᠷᠭᠡᠯᠡᠵᠦ ᠪᠠᠢᠢᠭ᠋ ᠠ ᠶᠣᠮ᠃ ᠦᠭᠦᠯᠡᠯ ᠳᠤ ᠮᠣᠩᠭ᠋ᠤᠯ ᠬᠡᠪᠯᠡᠯ ᠤᠨ ᠬᠣᠷᠢᠶᠠᠨ ᠤ ᠠᠵᠢᠯ ᠤᠨ ᠴᠢᠬᠤᠯᠠ ᠴᠢᠨᠠᠷ ᠪᠠ ᠴᠠᠭ ᠦᠶ ᠡ ᠶᠢᠨ ᠬᠦᠭ᠍ᠵᠢᠯᠲᠡ ᠶᠢᠨ ᠱᠠᠭᠠᠷᠳᠠᠯᠭ᠋ ᠠ ᠵᠢ ᠦᠨᠳᠦᠰᠦᠯᠡᠵᠦ᠂ᠮᠣᠩᠭ᠋ᠤᠯ ᠨᠣᠮ ᠬᠡᠪᠯᠡᠯ ᠤᠨ ᠦᠢᠯᠡᠰ ᠤᠨ ᠦᠨᠳᠦᠰᠦᠨ ᠠᠮᠵᠢᠯᠲᠠ᠂ ᠣᠳᠦᠬᠢ ᠪᠠᠢᠢᠳᠠᠯ ᠬᠢᠭᠡᠳ ᠣᠷᠤᠰᠢᠵᠤ ᠪᠠᠢᠢᠬ᠋ ᠠ ᠠᠰᠠᠭᠤᠳᠠᠯ ᠢ ᠰᠢᠨᠵᠢᠯᠡᠵᠦ ᠨᠠᠢᠢᠷᠠᠭᠤᠯᠤᠭᠴᠢ ᠶᠢᠨ ᠤᠬᠠᠮᠰᠠᠷ᠂ᠬᠡᠪ ᠴᠢᠨᠠᠷ ᠤᠨ ᠱᠠᠭᠠᠷᠳᠠᠯᠭ᠋ ᠠ ᠵᠢ ᠲᠤᠷᠠᠳᠴᠤ᠂ᠮᠣᠩᠭ᠋ᠤᠯ ᠨᠣᠮ ᠭᠡᠪᠯᠡᠯ ᠳᠤ ᠲᠤᠯᠭᠠᠷᠠᠵᠤ ᠪᠠᠢᠢᠬ᠋ ᠠ ᠠᠰᠠᠭᠤᠳᠠᠯ ᠢ ᠰᠢᠢᠳᠪᠦᠷᠢᠯᠡᠬᠦ ᠠᠷᠭ᠋ ᠠ ᠪᠣᠳᠤᠯᠭ ᠠ ᠶᠢᠨ ᠲᠣᠬᠠᠢ ᠲᠦᠭᠦᠮ ᠦᠭᠦᠯᠡᠵᠡᠢ᠃ |
Original Literature |
View Original Paper
|
出自 |
内蒙古民族大学学报(社会科学)
2013年
第2期
|