Paper Information


Title ᠴᠤᠭᠤᠷ ᠪᠤᠯᠤᠨ ᠮᠤᠷᠢᠨ ᠬᠤᠭᠤᠷ ᠤᠨ ᠡᠭᠦᠰᠦᠯ ᠬᠦᠭ᠍ᠵᠢᠯ ᠵᠢᠴᠢ ᠦᠪᠡᠷᠮᠢᠴᠡ ᠣᠨᠴᠠᠯᠢᠭ ᠤᠨ ᠲᠤᠬᠠᠢ ᠬᠠᠷᠢᠴᠠᠭᠤᠯᠤᠭᠰᠠᠨ ᠰᠤᠳᠤᠯᠤᠯ
Creator ᠡᠷᠳᠡᠨᠢᠪᠦ᠋ᠬᠡ
Keyword ᠴᠤᠭᠤᠷ; ᠮᠤᠷᠢᠨ ᠬᠤᠭᠤᠷ; ᠡᠭᠦᠰᠦᠯ ᠬᠦᠭ᠍ᠵᠢᠯ; ᠣᠨᠴᠠᠯᠢᠭ
Abstract ᠴᠤᠭᠤᠷ ᠪᠤᠯᠤᠨ ᠮᠤᠷᠢᠨ ᠬᠤᠭᠤᠷ ᠪᠤᠯ ᠡᠭᠦᠰᠦᠯ ᠭᠠᠷᠤᠯ ᠨᠢᠭᠡ ᠲᠡᠢ ᠮᠣᠩ᠋ᠭᠤᠯ ᠦᠨᠳᠦᠰᠦᠲᠡᠨ ᠦ ᠢᠵᠠᠭᠤᠷ ᠬᠦᠭ᠍ᠵᠢᠮᠳᠡᠭᠦᠷ ᠦᠨ ᠪᠠᠭᠠᠵᠢ ᠶᠤᠮ᠃ ᠳᠠᠷᠤᠢ ᠮᠣᠩ᠋ᠭᠤᠯ ᠤᠨ ᠣᠪᠤᠭ ᠲᠦᠷᠦᠯ ᠦᠨ ᠨᠡᠢ᠌ᠭᠡᠮ ᠦᠨ ᠦᠶ᠎ᠡ ᠪᠤᠶᠤ ᠲᠡᠭᠦᠨ ᠡᠴᠡ ᠡᠷᠲᠡ ᠪᠤᠢ ᠪᠤᠯᠵᠤ ᠹᠧᠤᠳᠠᠯ ᠤᠨ ᠨᠡᠢ᠌ᠭᠡᠮ ᠦᠨ ᠦᠶ᠎ᠡ ᠳᠦ ᠬᠦᠷᠦᠭᠡᠳ ᠴᠤᠭᠤᠷ᠂ ᠮᠤᠷᠢᠨ ᠬᠭᠤᠷ ᠬᠡᠮᠡᠬᠦ ᠠᠳᠠᠯᠢ ᠪᠤᠰᠤ ᠳᠠᠷᠤᠯᠭ᠎ᠠ ᠶᠢᠨ ᠵᠢᠷᠦᠮ ᠲᠡᠢ ᠲᠤᠰ ᠲᠤᠰ ᠤᠨ ᠪᠡᠶ᠎ᠡ ᠪᠡᠨ ᠳᠠᠭᠠᠭᠠᠨ ᠬᠦᠭ᠍ᠵᠢᠭᠰᠡᠨ ᠬᠦᠭ᠍ᠵᠢᠮᠳᠡᠭᠦᠷ ᠪᠤᠯᠵᠤ ᠪᠢᠯᠡ᠃ ᠡᠢ᠌ᠮᠦ ᠡᠴᠡ ᠴᠤᠭᠤᠷ ᠪᠤᠯᠤᠨ ᠮᠤᠷᠢᠨ ᠬᠤᠭᠤᠷ ᠪᠤᠯ ᠡᠭᠦᠰᠦᠯ ᠭᠠᠷᠤᠯ᠂ ᠬᠢᠴᠡ ᠬᠦᠭ᠍ᠯᠡᠯᠲᠡ ᠵᠡᠷᠭᠡ ᠣᠯᠠᠨ ᠲᠠᠯ᠎ᠠ ᠪᠠᠷ ᠬᠠᠮᠲᠤ ᠶᠢᠨ ᠣᠨᠴᠠᠯᠢᠭ ᠲᠠᠢ ᠪᠤᠯᠪᠠᠴᠤ ᠬᠦᠭ᠌ ᠲᠤᠭᠲᠠᠪᠤᠷᠢᠵᠢᠭᠤᠯᠭ᠎ᠠ᠂ ᠬᠡᠪ ᠨᠠᠮᠪᠠ᠂ ᠬᠦᠭ᠍ᠵᠢᠮᠳᠡᠯ ᠦᠨ ᠠᠷᠭ᠎ᠠ᠂ ᠢᠯᠡᠳᠭᠡᠬᠦ ᠴᠢᠳᠠᠪᠤᠷᠢ ᠵᠡᠷᠭᠡ ᠲᠠᠯ᠎ᠠ ᠪᠠᠷ ᠬᠠᠷᠢᠯᠴᠠᠨ ᠢᠯᠭᠠᠭᠳᠠᠬᠤ ᠦᠪᠡᠷᠮᠢᠴᠡ ᠣᠨᠴᠠᠯᠢᠭ ᠲᠠᠢ ᠪᠠᠢ᠌ᠳᠠᠭ᠃
Original Literature View Original Paper
出自 中国蒙古学 2014年 第2期

联系我们


内蒙古大学图书馆
呼和浩特市大学西路235号
中国·内蒙古
P: (0471) 4992561
E: huangfeilong@imu.edu.cn