Paper Information


Title ᠹᠢᠽᠢᠺ ᠤᠨ ᠵᠢᠭᠠᠨ ᠰᠤᠷᠭᠠᠯᠲᠠ ᠶᠢᠨ ᠶᠠᠪᠤᠴᠠ ᠳᠤ ᠰᠤᠷᠤᠭᠴᠢᠳ ᠤᠨ ᠤᠷᠮ᠎ᠠ ᠪᠠᠬ᠎ᠠ ᠶᠢ ᠳᠡᠭᠡᠭ᠍ᠰᠢᠯᠡᠭᠦᠯᠬᠦ ᠲᠤᠬᠠᠢ
Creator ᠬᠤᠷᠯᠤ᠎ᠠ
Keyword ᠹᠢᠽᠢᠺ; ᠵᠢᠭᠠᠨ ᠰᠤᠷᠭᠠᠯᠲᠠ; ᠰᠤᠷᠤᠯᠴᠠᠬᠤ ᠤᠷᠮ᠎ᠠ ᠪᠠᠬ᠎ᠠ
Abstract ᠹᠢᠴᠢᠺ ᠤᠨ ᠵᠢᠭᠠᠨ ᠰᠤᠷᠭᠠᠯᠲᠠ ᠳᠠᠬᠢ ᠠᠩ᠋ᠬ᠎ᠠ ᠳᠤᠮᠳᠠᠳᠤ ᠶᠢᠨ ᠹᠢᠴᠢᠺ ᠤᠨ ᠵᠢᠭᠠᠨ ᠰᠤᠷᠭᠠᠯᠲᠠ ᠨᠢ ᠰᠤᠷᠤᠭᠴᠢᠳ ᠤᠨ ᠹᠢᠴᠢᠺ ᠤᠨ ᠮᠡᠳᠡᠯᠭᠡ ᠶᠢ ᠡᠵᠡᠮᠰᠢᠬᠦ ᠳᠦ ᠠᠩ᠋ᠬ᠎ᠠ ᠠᠯᠬᠤᠮ ᠤᠨ ᠰᠠᠭᠤᠷᠢ ᠪᠤᠯᠬᠤ ᠪᠦᠭᠡᠳ ᠹᠢᠴᠢᠺ ᠰᠤᠷᠤᠯᠴᠠᠬᠤ ᠤᠷᠮ᠎ᠠ ᠪᠠᠬ᠎ᠠ ᠶᠢ ᠬᠦᠮᠦᠵᠢᠭᠦᠯᠬᠦ ᠵᠠᠩᠭᠢᠯᠠᠭ᠎ᠠ ᠶᠢᠨ ᠦᠶ᠎ᠡ ᠪᠤᠯᠤᠨ᠎ᠠ᠃ ᠮᠦᠨ ᠴᠦ ᠬᠡᠷᠡᠭ ᠪᠤᠳᠠᠰ ᠢ ᠠᠵᠢᠭᠯᠠᠬᠤ᠂ ᠠᠰᠠᠭᠤᠳᠠᠯ ᠢ ᠵᠠᠳᠠᠯᠵᠤ ᠰᠢᠢᠳᠪᠦᠷᠢᠯᠡᠬᠦ ᠴᠢᠳᠠᠪᠤᠷᠢ ᠶᠢ ᠬᠦᠮᠦᠵᠢᠭᠦᠯᠬᠦ ᠵᠠᠩᠭᠢᠯᠠᠭ᠎ᠠ ᠶᠢᠨ ᠦᠶ᠎ᠡ ᠪᠤᠯᠤᠨ᠎ᠠ᠃ ᠵᠠᠯᠠᠭᠤ ᠪᠠᠭᠠᠴᠤᠳ ᠤᠨ ᠦᠰᠪᠦᠷᠢ ᠶᠢᠨ ᠦᠶ᠎ᠡ ᠶᠢᠨ ᠰᠡᠳᠬᠢᠭᠦᠢ ᠪᠡ ᠹᠢᠴᠢᠤᠯᠤᠬᠢ ᠶᠢᠨ ᠤᠨᠴᠠᠯᠢᠭ ᠠᠴᠠ ᠶᠠᠷᠢᠭᠰᠠᠨ ᠴᠤ ᠨᠢᠭᠡ ᠲᠦᠷᠦᠯ ᠮᠡᠳᠡᠯᠭᠡ ᠶᠢ ᠡᠵᠡᠮᠰᠢᠵᠦ ᠰᠤᠷᠬᠤ ᠲᠤᠩ ᠴᠢᠩ᠋ᠭ᠎ᠠ ᠬᠦᠰᠡᠯ ᠱᠠᠭᠠᠷᠳᠠᠯᠭ᠎ᠠ ᠲᠠᠢ ᠪᠠᠶᠢᠵᠤ᠂ ᠰᠤᠷᠤᠭᠴᠢᠳ ᠰᠢᠨ᠎ᠡ ᠰᠤᠷᠭᠤᠭ ᠠᠰᠠᠭᠤᠳᠠᠯ ᠢ ᠰᠦᠪᠡᠭ᠍ᠴᠢᠯᠡᠬᠦ ᠳᠤᠷᠠᠲᠠᠢ᠂ ᠢᠷᠡᠭᠡᠳᠦᠢ ᠳᠡᠭᠡᠨ ᠳᠦᠭᠦᠷᠡᠩ ᠬᠦᠰᠡᠯ ᠰᠡᠳᠬᠢᠯᠭᠡ ᠲᠡᠢ ᠪᠠᠶᠢᠳᠠᠭ᠃ ᠭᠡᠪᠡᠴᠦ ᠬᠡᠶᠢᠰᠪᠦᠷᠢ ᠤᠨᠤᠯ ᠢᠶᠠᠷ ᠹᠢᠴᠢᠺ ᠤᠨ ᠮᠡᠳᠡᠯᠭᠡ ᠳᠦ ᠤᠴᠠᠷᠠᠪᠠᠯ᠂ ᠤᠳᠠᠬᠤ ᠦᠭᠡᠢ ᠰᠤᠷᠤᠯᠴᠠᠬᠤ ᠢᠳᠡᠪᠬᠢᠵᠢᠯ ᠨᠢ ᠪᠠᠭᠤᠷᠠᠵᠤ᠂ ᠬᠠᠮᠤᠭ ᠡᠴᠦᠰ ᠲᠦ ᠠᠩ᠋ᠬ᠎ᠠ ᠳᠤᠮᠳᠠᠳᠤ ᠶᠢᠨ ᠹᠢᠴᠢᠺ ᠤᠨ ᠵᠢᠭᠠᠨ ᠰᠤᠷᠭᠠᠬᠤ ᠠᠵᠢᠯ ᠢᠯᠠᠭᠳᠠᠯ ᠳᠤ ᠤᠴᠠᠷᠠᠬᠤ ᠪᠤᠯᠭᠤᠮᠵᠢ ᠲᠠᠢ ᠪᠠᠶᠢᠳᠠᠭ᠃ ᠡᠶᠢᠮᠦ ᠡᠴᠡ᠂ ᠲᠡᠳᠡᠨ ᠢ ᠰᠢᠨᠵᠢᠯᠡᠬᠦ ᠤᠬᠠᠭᠠᠨᠴᠢ ᠪᠠᠷ ᠤᠷᠮ᠎ᠠ ᠪᠠᠬ᠎ᠠ ᠶᠢ ᠨᠢ ᠬᠦᠮᠦᠵᠢᠭᠦᠯᠵᠦ᠂ ᠰᠤᠷᠤᠯᠴᠠᠬᠤ ᠳᠤ ᠢᠳᠡᠪᠬᠢᠲᠡᠢ ᠪᠤᠯᠭᠠᠬᠤ ᠪᠤᠯ ᠬᠠᠮᠤᠭ ᠤᠨ ᠴᠢᠬᠤᠯᠠ ᠪᠦᠭᠡᠳ ᠬᠤᠵᠢᠮ ᠤᠨ ᠹᠢᠴᠢᠺ ᠰᠤᠷᠬᠤ ᠳᠤ ᠰᠠᠭᠤᠷᠢ ᠪᠤᠯᠬᠤ ᠶᠤᠮ᠃
Original Literature View Original Paper
出自 内蒙古民族大学学报(自然科学) 2008年 第2期

联系我们


内蒙古大学图书馆
呼和浩特市大学西路235号
中国·内蒙古
P: (0471) 4992561
E: huangfeilong@imu.edu.cn