Title |
ᠬᠤᠶᠠᠳᠤᠭᠠᠷ ᠳᠦᠷᠢ ᠶᠢᠨ ᠵᠠᠩᠬᠢᠶ᠎ᠠ ᠬᠤᠳᠤᠭᠳᠤ ᠠᠭᠸᠠᠩᠯᠤᠪᠰᠠᠩᠴᠦᠢᠳᠠᠨ ᠤ ᠳᠤᠬᠠᠢ ᠳᠤᠪᠴᠢ ᠦᠬᠦᠯᠡᠬᠦ ᠨᠢ |
Creator |
ᠴᠢᠤᠸᠠᠨ ᠷᠦᠩ |
Keyword |
ᠬᠤᠶᠠᠳᠤᠭᠠᠷ ᠳᠦᠷᠢ; ᠵᠠᠩᠬᠢᠶ᠎ᠠ ᠬᠤᠳᠤᠭᠳᠤ; ᠠᠭᠸᠠᠩᠯᠤᠪᠰᠠᠩᠴᠦᠢᠳᠠᠨ |
Abstract |
ᠵᠠᠩᠬᠢᠶ᠎ᠠ ᠬᠤᠳᠤᠭᠳᠤ ᠪᠤᠯ ᠦᠪᠤᠷ ᠮᠤᠩᠭ᠋ᠤᠯ ᠤᠨ ᠬᠠᠮᠤᠭ ᠤᠨ ᠳᠡᠭᠡᠳᠤ ᠲᠦᠷᠤᠯ ᠠᠷᠠᠯᠵᠢᠬᠤ ᠬᠤᠳᠤᠭᠳᠤ ᠬᠤᠪᠢᠯᠭᠠᠨ ᠤ ᠰᠢᠰᠲ᠋ᠸᠮ ᠮᠦᠨ᠃ ᠵᠠᠩᠬᠢᠶ᠎ᠠ ᠬᠤᠳᠤᠭᠳᠤ ᠶᠢᠨ ᠰᠢᠰᠲ᠋ᠸᠮ ᠤᠨ ᠪᠦᠷᠢᠯᠳᠤᠭ᠍ᠰᠡᠨ ᠨᠢ ᠴᠢᠩ ᠤᠯᠤᠰ ᠭᠤᠪᠢ ᠶᠢᠨ ᠡᠮᠤᠨᠡᠬᠢ ᠮᠤᠩᠭ᠋ᠤᠯ ᠤᠷᠤᠨ ᠤ ᠹᠸᠤᠳᠠᠯ ᠤᠨ ᠨᠤᠶᠠᠷᠬᠠᠯ ᠤᠨ ᠡᠮᠬᠢ ᠲᠢᠭᠯᠢᠮ ᠢ ᠬᠠᠮᠠᠭᠠᠯᠠᠬᠤ ᠳᠤ ᠴᠢᠬᠤᠯᠠ ᠦᠢᠯᠡᠳᠤᠯ ᠭᠠᠷᠭᠠᠵᠠᠢ᠃ ᠡᠬᠦᠨ ᠳᠤ ᠬᠤᠶᠠᠳᠤᠭᠠᠷ ᠳᠦᠷᠢ ᠶᠢᠨ ᠵᠠᠩᠬᠢᠶ᠎ᠠ ᠬᠤᠳᠤᠭᠳᠤ ᠠᠭᠸᠠᠩᠯᠤᠪᠰᠠᠩᠴᠦᠢᠳᠠᠨ ᠴᠢᠩ ᠤᠯᠤᠰ ᠤᠨ ᠵᠠᠰᠠᠭ ᠤᠨ ᠭᠠᠵᠠᠷ ᠬᠤᠷᠢ ᠭᠠᠷᠤᠢ ᠵᠢᠯ ᠦᠢᠯᠡᠴᠢᠯᠠᠵᠤ᠂ ᠲᠦᠪᠡᠳ ᠪᠠ ᠮᠤᠩᠭ᠋ᠤᠯ ᠤᠷᠤᠨ ᠤ ᠬᠠᠷᠢᠴᠠᠭ᠎ᠠ ᠵᠢ ᠠᠬᠢᠭᠤᠯᠬᠤ ᠳᠤ ᠴᠢᠬᠤᠯᠠ ᠬᠤᠪᠢ ᠨᠡᠮᠡᠷᠢ ᠭᠠᠷᠭᠠᠵᠠᠢ᠃ ᠡᠬᠦᠨ ᠢ ᠰᠤᠳᠤᠯᠬᠤ ᠨᠢ ᠴᠢᠩ ᠤᠯᠤᠰ ᠤᠨ ᠦᠶ᠎ᠡ ᠶᠢᠨ ᠲᠦᠪᠡᠳ ᠦᠨᠳᠤᠰᠤᠳᠡᠨ ᠤ ᠲᠡᠤᠬᠡ᠂ ᠮᠤᠩᠭ᠋ᠤᠯ ᠤᠨ ᠲᠡᠤᠬᠡ᠂ ᠱᠠᠰᠢᠨ ᠰᠤᠷᠲᠠᠬᠤᠨ ᠳᠤ ᠲᠡᠤᠬᠡ ᠵᠢᠴᠢ ᠰᠤᠶᠤᠯ ᠤᠨ ᠲᠡᠤᠬᠡ ᠵᠢ ᠰᠤᠳᠤᠯᠬᠤ ᠳᠤ ᠴᠢᠬᠤᠯᠠ ᠠᠴᠢ ᠬᠤᠯᠪᠤᠭᠳᠠᠯ ᠲᠠᠢ᠃ᠲᠤᠰ ᠦᠬᠦᠯᠡᠯ ᠳᠤ ᠴᠢᠩ ᠤᠯᠤᠰ ᠤᠨ ᠨᠠᠢᠢᠷᠠᠯᠳᠤ ᠲᠦᠪ ᠬᠠᠭᠠᠨ ᠤ ᠦᠶ᠎ᠡ ᠶᠢᠨ ᠪᠡᠭᠡᠵᠢᠩ ᠮᠤᠳᠤᠨᠪᠠᠷ ᠤᠨ ᠪᠢᠴᠢᠭ᠌《ᠠᠰᠠᠷᠠᠯ ᠢᠬᠦᠯᠡᠰᠬᠦᠢ ᠪᠡᠷ ᠪᠦᠬᠦᠨ ᠢ ᠤᠷᠤᠢ ᠪᠡᠷ ᠠᠪᠢᠰᠢᠭ᠌ ᠦᠭ᠍ᠬᠦᠭ᠍ᠴᠢ ᠬᠠᠮᠤᠭ ᠢ ᠠᠢᠢᠯᠠᠳᠤᠭᠴᠢ ᠶᠡᠬᠡ ᠯᠠᠮᠠ ᠬᠡᠮᠡᠨ ᠤᠳᠬ᠎ᠠ ᠯᠤᠭ᠎ᠠ ᠨᠠᠢᠢᠯᠠᠬᠦᠯᠵᠤ ᠴᠤᠯᠠ ᠡᠷᠭᠦᠭ᠍ᠰᠠᠨ ᠪᠤᠭᠳᠠ ᠸᠠᠬᠢᠨᠳᠠᠷ ᠠ ᠰᠤᠮᠠᠳᠠᠢ ᠳ᠋ᠠᠷᠮᠠᠸᠠᠳᠢ ᠰᠢᠷᠢᠪᠠᠳᠠᠷᠠ ᠶᠢᠨ ᠴᠡᠳᠢᠭ ᠰᠤᠪᠤᠳ ᠡᠷᠢᠭᠡ》(ᠰᠤᠳᠤᠷ ᠤᠨ ᠬᠡᠯᠪᠡᠷᠢᠳᠤ᠂166 ᠬᠠᠭᠤᠳᠠᠰᠤ ᠲᠠᠢ) ᠳᠤ ᠲᠤᠯᠭᠠᠭᠤᠷᠢᠭᠤᠯᠤᠨ᠂ ᠪᠤᠰᠤᠳ ᠬᠤᠯᠪᠤᠭᠳᠠᠯ ᠪᠦᠬᠦᠢ ᠮᠤᠩᠭ᠋ᠤᠯ᠂ ᠬᠢᠳᠡᠳ᠂ᠲᠦᠪᠡᠳ ᠲᠡᠤᠬᠡᠨ ᠮᠠᠲ᠋ᠸᠷᠢᠶᠠᠯ ᠪᠠ ᠨᠠᠮᠳᠡᠷ ᠴᠠᠳᠢᠭ ᠢ ᠠᠰᠢᠭᠯᠠᠨ ᠬᠤᠶᠠᠳᠤᠭᠠᠷ ᠳᠦᠷᠢ ᠶᠢᠨ ᠵᠠᠩᠬᠢᠶ᠎ᠠ ᠬᠤᠳᠤᠭᠳᠤ ᠠᠭᠸᠠᠩᠯᠤᠪᠰᠠᠩᠴᠦᠢᠳᠠᠨ ᠤ ᠨᠢᠬᠡ ᠨᠠᠰᠤᠨ ᠤ ᠦᠢᠯᠠ ᠠᠵᠢᠯᠯᠠᠭ᠎ᠠ ᠳᠤ ᠠᠢᠨᠵᠢᠯᠡᠬᠡ ᠭᠢᠪᠡ᠃ |
Original Literature |
View Original Paper
|
出自 |
内蒙古大学学报
2007年
第6期
|