Paper Information


Title ᠬᠤᠷᠴᠢᠨ ᠠᠷᠠᠳ ᠤᠨ ᠲᠠᠭᠤᠤ ᠳᠤ ᠬᠢ ᠠᠯᠴᠢᠭᠤᠷ ᠤᠨ ᠪᠡᠯᠭᠡᠳᠡᠯ ᠰᠤᠶᠤᠯ
Creator ᠲᠤᠤ ᠰᠢᠦ ᠵᠸᠨ
Keyword ᠬᠤᠷᠴᠢᠨ ᠠᠷᠠᠳ ᠤᠨ ᠲᠠᠭᠤᠤ; ᠠᠯᠴᠢᠭᠤᠷ; ᠬᠠᠳᠠᠭ; ᠪᠡᠯᠭᠡᠳᠡᠯ ᠰᠠᠨᠠᠭ᠎ᠠ
Abstract ᠦᠭᠦᠯᠡᠯ ᠳᠤ ᠬᠤᠷᠴᠢᠨ ᠠᠷᠠᠳ ᠤᠨ ᠲᠠᠭᠤᠤ ᠳᠤ ᠬᠢ ᠬᠠᠢ᠌ᠷᠠᠯᠠᠯᠴᠠᠭᠰᠠᠨ ᠬᠤᠶᠠᠷ ᠵᠠᠯᠠᠭᠤ ᠶᠢᠨ ᠠᠯᠴᠢᠭᠤᠷ ᠬᠦᠷᠭᠡᠬᠦ ᠵᠠᠩ ᠦᠢᠯᠡ ᠶᠢ ᠮᠤᠩᠭ᠋ᠤᠯ ᠤᠨ ᠤᠯᠠᠮᠵᠢᠯᠠᠯᠳᠤ ᠵᠠᠩ ᠦᠢᠯᠡ᠂ ᠠᠮᠠᠨ ᠤᠷᠠᠯᠢᠭ᠂ ᠠᠷᠠᠳ ᠤᠨ ᠲᠠᠭᠤᠤ ᠵᠡᠷᠭᠡ ᠰᠤᠶᠤᠯ ᠤᠨ ᠠᠬᠤᠢ ᠳᠤ ᠲᠠᠯᠪᠢᠨ ᠰᠢᠨᠵᠢᠯᠡᠬᠦ ᠶᠢᠨ ᠲᠠᠭᠠᠤ᠂ ᠲᠤᠯᠢ ᠪᠢᠴᠢᠭ᠌ ᠵᠡᠷᠭᠡ ᠶᠢ ᠭᠦᠢᠴᠡᠳ ᠠᠰᠢᠭᠯᠠᠨ᠂ ᠬᠤᠷᠴᠢᠨ ᠤ ᠤᠷᠤᠭ ᠬᠤᠷᠢᠮ ᠲᠤ 《ᠬᠠᠳᠠᠭ ᠶᠢᠡᠨ ᠲᠠᠳᠠᠵᠤ ᠬᠠᠳᠠᠭᠠᠰᠤ ᠪᠠᠨ ᠲᠠᠯᠪᠢᠯ᠎ᠠ᠂ ᠠᠯᠴᠢᠭᠤᠷ ᠶᠢᠡᠨ ᠲᠠᠳᠠᠵᠤ ᠠᠷᠭᠠᠮᠵᠢ ᠪᠠᠨ ᠲᠠᠯᠪᠢᠯ᠎ᠠ》ᠭᠡᠵᠦ ᠬᠠᠳᠠᠭ ᠪᠤᠯᠤᠨ ᠠᠯᠴᠢᠭᠤᠷ ᠤᠨ ᠰᠢᠯᠵᠢᠰᠢ ᠦᠭᠡᠢ 《ᠬᠠᠳᠠᠭᠠᠰᠤ》 ᠰᠢᠭ ᠭᠡᠬᠦ ᠭᠦᠨ ᠤᠳᠬ᠎ᠠ ᠳᠤ ᠰᠠᠭᠤᠷᠢᠯᠠᠨ ᠬᠤᠷᠴᠢᠨ ᠠᠷᠠᠳ ᠤᠨ ᠲᠠᠭᠤᠤ ᠳᠤ ᠭᠠᠷᠳᠠᠭ ᠠᠯᠴᠢᠭᠤᠷ ᠨᠢ ᠬᠠᠢ᠌ᠷᠠᠯᠠᠯᠴᠠᠭᠰᠠᠨ ᠬᠤᠶᠠᠷ ᠵᠠᠯᠠᠭᠤ ᠶᠢ ᠬᠠᠢ᠌ᠷ᠎ᠠ ᠰᠡᠳᠭᠢᠯ ᠤᠨ ᠰᠢᠯᠵᠢᠰᠢ ᠦᠭᠡᠢ 《ᠬᠠᠳᠠᠭᠠᠰᠤ》 ᠰᠢᠭ ᠢᠳᠡᠭᠡᠯ ᠵᠤᠷᠢᠭ ᠤᠨ ᠢᠯᠡᠷᠬᠡᠢ᠌ᠯᠡᠯ ᠪᠠᠢ᠌ᠵᠤ᠂ ᠬᠡᠯᠡᠭᠰᠡᠨ ᠦᠭᠡᠨ ᠳᠤ ᠪᠠᠨ ᠬᠦᠷᠬᠦ ᠡᠴᠡ ᠪᠤᠴᠠᠬᠤ ᠦᠭᠡᠢ᠂ 《ᠤᠷᠤᠭ ᠲᠤᠭᠳᠠᠵᠤ᠂ ᠭᠡᠷ ᠪᠦᠯᠢ ᠪᠤᠯᠬᠤ》 ᠭᠡᠰᠡ ᠪᠡᠯᠭᠡᠳᠡᠯ ᠰᠠᠨᠠᠭ᠎ᠠ ᠤᠳᠬ᠎ᠠ ᠪᠤᠢ ᠭᠡᠬᠦ ᠦᠵᠡᠯᠳᠡ ᠶᠢ ᠲᠡᠪᠰᠢᠭᠦᠯᠬᠦ ᠶᠢ ᠵᠤᠷᠢᠭᠰᠠᠨ ᠪᠠᠢ᠌ᠨ᠎ᠠ᠃
Original Literature View Original Paper
出自 西北民族大学学报 2015年 第2期

联系我们


内蒙古大学图书馆
呼和浩特市大学西路235号
中国·内蒙古
P: (0471) 4992561
E: huangfeilong@imu.edu.cn