Abstract |
ᠤᠯᠠᠩᠬᠢ ᠪᠠᠭᠰᠢ ᠬᠢᠴᠢᠶᠡᠯ ᠵᠢᠭᠠᠬᠤ ᠶᠠᠪᠤᠴᠠ ᠳ᠋ᠤ《ᠶᠠᠷᠢᠯᠴᠠᠨ ᠵᠢᠭᠠᠨ ᠰᠤᠷᠭᠠᠬᠤ》ᠠᠷᠭ᠎ᠠ ᠵᠢ ᠬᠠᠪᠰᠤᠷᠠᠭᠤᠯᠤᠨ ᠬᠡᠷᠡᠭᠯᠡᠳᠡᠭ᠃ ᠲᠤᠰ ᠠᠷᠭ᠎ᠠ ᠪᠣᠯ ᠪᠠᠭᠰᠢ ᠨᠢ ᠰᠤᠷᠤᠭᠴᠢ ᠶᠢᠨ ᠨᠢᠭᠡᠨᠲᠡ ᠡᠵᠡᠮᠰᠢᠭᠰᠡᠨ ᠮᠡᠳᠡᠯᠭᠡ ᠶᠢᠨ ᠰᠠᠭᠤᠷᠢᠨ ᠲᠡᠭᠡᠷ ᠡ᠂ ᠵᠢᠭᠠᠨ ᠰᠤᠷᠠᠭᠠᠬᠤ ᠵᠣᠷᠢᠯᠭ᠎ᠠ᠂ ᠵᠢᠭᠠᠬᠤ ᠠᠭᠤᠯᠭ᠎ᠠ ᠶᠢᠨ ᠭᠤᠤᠯᠳᠠᠯᠭ᠎ᠠ᠂ ᠬᠦᠴᠢᠷᠲᠡᠯ ᠢ ᠦᠨᠳᠦᠰᠦᠯᠡᠨ᠂ ᠠᠰᠠᠭᠤᠯᠳᠠ ᠲᠤᠷᠠᠳᠴᠦ᠂ ᠰᠤᠷᠤᠭᠴᠢ ᠵᠢ ᠵᠢᠯᠤᠭᠤᠲᠤᠨ ᠠᠰᠠᠭᠤᠯᠳᠠ ᠵᠢ ᠲᠤᠭᠤᠷᠢᠭᠤᠯᠤᠨ ᠢᠳᠡᠪᠬᠢᠲᠡᠢ ᠰᠡᠳᠬᠢᠬᠦᠯᠵᠦ᠂ ᠪᠠᠭᠰᠢ ᠳᠤᠷᠤᠭᠴᠢ ᠶᠢᠨ ᠬᠤᠭᠤᠷᠤᠨᠲᠤ᠂ ᠰᠤᠷᠤᠭᠴᠢ ᠰᠤᠷᠤᠭᠴᠢ ᠶᠢᠨ ᠬᠤᠭᠤᠷᠤᠨᠲᠤ ᠶᠠᠷᠢᠯᠴᠠᠬᠤ ᠪᠡᠷ ᠲᠠᠮᠵᠢᠨ ᠵᠢᠭᠠᠨ ᠰᠤᠷᠭᠠᠬᠤ ᠨᠢᠭᠡ ᠵᠦᠢᠯ ᠤᠨ ᠨᠢᠭᠡ ᠵᠦᠢᠯ ᠤᠨ ᠠᠷᠭ᠎ᠠ ᠮᠦᠨ᠃ ᠲᠤᠰ ᠠᠷᠭ᠎ᠠ ᠶᠢᠨ ᠭᠤᠤᠯ ᠵᠣᠷᠢᠯᠭ᠎ᠠ ᠪᠣᠯ ᠪᠠᠭᠰᠢ ᠨᠢ ᠠᠰᠠᠭᠤᠯᠲᠠ ᠠᠰᠠᠭᠤᠬᠤ ᠪᠡᠷ ᠲᠠᠮᠵᠢᠨ ᠵᠢᠭᠠᠨ ᠰᠤᠷᠭᠠᠬᠤ ᠨᠢᠭᠡ ᠵᠦᠢᠯ ᠤᠨ ᠠᠷᠭ᠎ᠠ ᠮᠦᠨ᠃ ᠲᠤᠰ ᠠᠷᠭ᠎ᠠ ᠶᠢᠨ ᠭᠤᠤᠯ ᠵᠣᠷᠢᠯᠭ᠎ᠠ ᠪᠣᠯ ᠪᠠᠭᠰᠢ ᠨᠢ ᠠᠰᠠᠭᠤᠯᠲᠠ ᠠᠰᠠᠭᠤᠬᠤ ᠪᠡᠷ ᠲᠠᠮᠵᠢᠨ ᠰᠤᠷᠤᠭᠴᠢ ᠶᠢᠨ ᠤᠷᠮ ᠠ ᠵᠠᠷᠢᠭ ᠲᠠᠢ ᠲᠤᠷ ᠠ ᠪᠠᠬ ᠠ ᠵᠢ ᠬᠦᠭᠵᠢᠬᠡᠵᠦ᠂ ᠰᠤᠷᠤᠭᠴᠢ ᠵᠢ ᠵᠢᠯᠤᠭᠤᠲᠤᠨ ᠰᠤᠷᠭᠰᠠᠨ ᠠᠭᠤᠯᠭ᠎ᠠ ᠵᠢ ᠲᠠᠪᠳᠠᠭᠤᠯᠵᠤ ᠰᠢᠨ᠎ᠡ ᠮᠡᠳᠡᠯᠭᠡ ᠪᠤᠢ ᠪᠣᠯᠬᠤ ᠶᠠᠪᠤᠴᠠ ᠳ᠋ᠤ ᠢᠳᠡᠪᠬᠢᠲᠡᠢ ᠤᠷᠤᠯᠴᠠᠭᠤᠯᠵᠤ᠂ ᠦᠪᠡᠷ ᠤᠨ ᠪᠡᠶ ᠡ ᠪᠡᠷ ᠨᠢ ᠬᠤᠷᠢᠶᠠᠩᠭᠤᠢᠯᠠᠨ ᠳ᠋ᠦᠩᠨᠡᠬᠦᠯᠵᠦ᠂ ᠰᠢᠨ᠎ᠡ ᠮᠡᠳᠡᠯᠭᠡ ᠵᠢ ᠰᠠᠢᠲᠤᠷ ᠡᠵᠡᠮᠰᠢᠬᠦᠯᠬᠦ ᠪᠣᠯᠤᠨ᠎ᠠ᠂《ᠶᠠᠷᠢᠯᠴᠠᠨ ᠵᠢᠭᠠᠨ ᠰᠤᠷᠭᠠᠬᠤ》ᠠᠷᠭ᠎ᠠ ᠪᠡᠷ ᠰᠤᠷᠤᠭᠴᠢ ᠶᠢᠨ ᠰᠤᠷᠴᠦ ᠦᠩᠭᠡᠷᠡᠭᠰᠡᠨ ᠠᠭᠤᠯᠭ᠎ᠠ ᠵᠢ ᠤᠢᠯᠠᠭᠠᠭᠰᠠᠨ ᠬᠡᠮᠵᠢᠶ ᠠ ᠵᠢ ᠪᠠᠢᠴᠠᠭᠠᠵᠤ᠂ ᠰᠤᠷᠤᠭᠴᠢ ᠶᠢᠨ ᠯᠦᠬᠢᠭ ᠰᠡᠳᠬᠢᠬᠦᠢ ᠴᠢᠳᠠᠪᠤᠷᠢ ᠂ ᠬᠤᠷᠢᠶᠠᠩᠭᠤᠢᠯᠠᠬᠤ ᠴᠢᠳᠠᠪᠤᠷᠢ᠂ ᠢᠯᠡᠳᠭᠡᠬᠦ ᠴᠢᠳᠠᠪᠤᠷᠢ ᠵᠢ ᠬᠦᠮᠦᠵᠢᠬᠦᠯᠵᠦ ᠴᠢᠳᠠᠬᠤ ᠪᠡᠷ ᠪᠠᠷᠠᠬᠤ ᠦᠭᠡᠢ ᠪᠠᠳᠠ ᠲᠡᠲᠡᠨᠤᠰ ᠤᠨ ᠢᠳᠡᠪᠬᠢᠵᠢᠯ ᠪᠣᠯᠤᠨ ᠤᠬᠠᠮᠰᠠᠷᠲᠦ ᠴᠢᠨᠠᠷ ᠢ ᠲᠡᠭᠡᠭᠰᠢᠯᠡᠬᠦᠯᠵᠦ ᠴᠢᠳᠠᠨ᠎ᠠ |