Paper Information


Title ᠰᠢᠨᠵᠢᠶᠠᠩ ᠵᠢᠩᠭ᠋ᠠᠷᠴᠢᠳ ᠤᠨ ᠳᠠᠷᠬᠠᠴᠠ ᠵᠢᠴᠢ ᠳᠡᠭᠦᠨ ᠲᠠᠢ ᠬᠤᠯᠪᠤᠭᠳᠠᠬᠤ ᠵᠠᠷᠢᠮ ᠠᠰᠠᠭᠤᠳᠠᠯ ᠳᠤ
Creator ᠳ᠂ ᠲᠠᠶᠠ
Keyword ᠵᠠᠩᠭ᠋ᠠᠷ; ᠵᠢᠩᠭ᠋ᠠᠷᠴᠢᠳ ; ᠳᠠᠷᠬᠠᠴᠡ
Abstract ᠵᠤᠬᠢᠶᠠᠭᠴᠢ ᠡᠴᠡ ᠦᠩᠭᠡᠷᠡᠭᠰᠡᠨ ᠦ ᠡᠷᠳᠡᠮᠳᠡᠳ ᠤᠨ ᠰᠢᠨᠵᠢᠶᠠᠩ ᠵᠢᠩᠭ᠋ᠠᠷᠴᠢᠳ ᠤᠨ ᠲᠤᠬᠠᠢ ᠮᠡᠳᠡᠭᠡ ᠵᠠᠩᠭᠢ ᠪᠤᠯᠤᠨ ᠦᠪᠡᠷ ᠤᠨ ᠭᠡᠭᠡᠷ ᠡ ᠶᠢᠨ ᠰᠢᠨᠵᠢᠯᠡᠭᠡᠨ ᠦ ᠮᠠᠲ᠋ᠸᠷᠢᠶᠠᠯ ᠳᠠᠭᠠᠨ ᠰᠠᠭᠤᠷᠢᠯᠠᠨ ᠂ ᠰᠢᠨᠵᠢᠶᠠᠩ ᠵᠢᠩᠭ᠋ᠠᠷᠴᠢᠳ  ᠤᠨ ᠡᠯ ᠠ ᠭᠠᠵᠠᠷ ᠤᠷᠤᠨ᠂ ᠤᠪᠤᠭ ᠶᠠᠰᠤᠲᠠᠨ ᠳᠡᠬᠢ ᠳᠠᠷᠬᠠᠴᠠ ᠶᠢ ᠶᠠᠷᠢᠬᠤ ᠪᠡᠷ ᠳᠠᠮᠵᠢᠵᠦ᠂ ᠵᠠᠷᠢᠨ ᠡᠷᠳᠡᠮᠳᠡᠳ ᠤᠨ 《ᠵᠠᠩᠭ᠋ᠠᠷ》ᠦ᠋ᠨ ᠡᠭᠦᠰᠦᠯ ᠭᠠᠷᠤᠯ᠂ ᠬᠦᠭ᠍ᠵᠢᠯ ᠬᠤᠪᠢᠷᠠᠯ ᠢ ᠰᠢᠨᠵᠢᠶᠠᠩ ᠤᠢ᠌ᠷᠠᠳ ᠤᠨ ᠶᠠᠮᠠᠷ ᠨᠢᠭᠡᠨ ᠤᠪᠤᠭ ᠶᠠᠰᠤᠲᠠᠨ ᠪᠤᠶᠤ ᠭᠠᠵᠠᠷ ᠤᠷᠤᠨ ᠲᠠᠢ ᠬᠤᠯᠪᠤᠨ ᠶᠠᠷᠢᠳᠠᠭ ᠤᠯᠠᠮᠵᠢᠯᠠᠯᠲᠤ ᠦᠵᠡᠯᠳᠡ ᠶᠢᠨ ᠡᠰᠡᠷᠬᠦ ᠂ 《ᠵᠠᠩᠭ᠋ᠠᠷ》ᠵᠢᠴᠢ ᠵᠢᠩᠭ᠋ᠠᠷᠴᠢᠳ ᠤᠨ ᠲᠠᠷᠬᠠᠴᠠ ᠨᠢ ᠭᠠᠭᠴᠠ ᠤᠪᠤᠭ ᠶᠠᠰᠤᠲᠠᠨ ᠂ ᠭᠠᠵᠠᠷ ᠤᠷᠤᠨ ᠯᠤᠭ᠎ᠠ ᠶᠢᠨ ᠳᠡᠦᠬᠡᠨ ᠪᠡᠷᠢᠯᠳᠦᠯᠭ᠎ᠠ ᠲᠠᠢ ᠬᠤᠯᠪᠤᠭᠳᠠᠳᠠᠭ ᠪᠤᠰᠤ᠂ ᠬᠠᠷᠢᠨ ᠰᠤᠶᠤᠯ ᠰᠡᠳᠬᠢᠴᠡ ᠶᠢᠨ ᠤᠯᠠᠮᠵᠢᠯᠠᠯ᠂ ᠬᠦᠮᠦᠨ ᠠᠮᠠ ᠶᠢᠨ ᠲᠤᠭ᠎ᠠ᠂ ᠦᠢᠯᠡᠳᠪᠦᠷᠢᠯᠡᠯ ᠤᠨ ᠠᠷᠭ᠎ᠠ ᠮᠠᠶᠢ᠍ᠭ ᠵᠡᠷᠭᠡ ᠤᠯᠠᠨ ᠲᠠᠯ ᠠ ᠶᠢᠨ ᠰᠢᠯᠳᠠᠭᠠᠨ ᠲᠠᠢ ᠬᠤᠯᠪᠤᠭᠳᠠᠳᠠᠭ ᠬᠡᠰᠡᠨ  ᠢ ᠲᠤᠷᠠᠳᠪᠠ᠃ 
Original Literature View Original Paper
出自 内蒙古大学学报 2003年 第3期

联系我们


内蒙古大学图书馆
呼和浩特市大学西路235号
中国·内蒙古
P: (0471) 4992561
E: huangfeilong@imu.edu.cn