Paper Information


Title ᠰᠡᠭᠦᠵᠢᠨ ᠶᠠᠰᠤᠨ ᠤ ᠦᠯᠢᠭᠡᠷ ᠦᠨ ᠤᠵᠠᠭᠤᠷ ᠣᠢ᠌ᠯᠠᠭᠠᠯᠲᠠ ᠶᠢᠨ ᠰᠢᠨᠵᠢᠯᠡᠯ
Creator ᠰᠢ᠂ ᠬᠠᠰᠪᠠᠭᠠᠲᠤᠷ
Keyword ᠰᠡᠭᠦᠵᠢᠨ ᠶᠠᠰᠤ; ᠰᠦᠨᠡᠰᠦ ᠴᠢᠳᠭᠦᠷ; ᠤᠤᠷ ᠬᠡᠪ; ᠰᠢᠨᠵᠢᠯᠡᠯ
Abstract ᠲᠤᠰ ᠦᠭᠦᠯᠡᠯ ᠳᠦ ᠮᠣᠩ᠋ᠭᠤᠯᠴᠤᠳ ᠤᠨ ᠳᠤᠮᠳᠠ ᠤᠯᠠᠮᠵᠢᠯᠠᠭᠳᠠᠨ ᠳᠡᠯᠭᠡᠷᠡᠭᠰᠡᠨ ᠰᠡᠭᠦᠵᠢᠨ ᠶᠠᠰᠤᠨ ᠤ ᠦᠯᠢᠭᠡᠷ ᠦᠨ ᠬᠤᠪᠢᠯᠪᠤᠷᠢ ᠶᠢ ᠤᠤᠷ ᠬᠡᠪ ᠰᠢᠭᠦᠮᠵᠢᠯᠡᠯ ᠦᠨ ᠠᠷᠭ᠎ᠠ ᠪᠠᠷ ᠰᠢᠨᠵᠢᠯᠡᠨ ᠰᠤᠳᠤᠯᠵᠤ᠂ ᠵᠠᠳᠠᠯᠤᠨ ᠬᠤᠷᠢᠶᠠᠩ᠋ᠭᠤᠢᠯᠠᠵᠠᠢ᠃ ᠰᠡᠭᠦᠵᠢᠨ ᠶᠠᠰᠤᠨ ᠠᠴᠠ ᠬᠦᠮᠦᠨ ᠪᠤᠶᠤ ᠴᠢᠭᠦᠷ ᠬᠤᠪᠢᠯᠬᠤ ᠨᠢ ᠰᠡᠭᠦᠵᠢᠨ ᠶᠠᠰᠤᠨ ᠳᠤ ᠰᠦᠨᠡᠰᠦ ᠣᠷᠤᠰᠢᠨ᠎ᠠ ᠭᠡᠬᠦ ᠤᠵᠠᠭᠤᠷ ᠣᠢ᠌ᠯᠠᠭᠠᠯᠲᠠ ᠲᠠᠢ ᠬᠤᠯᠪᠤᠭ᠎ᠠ ᠲᠠᠢ᠃ ᠰᠡᠭᠦᠵᠢᠨ ᠶᠠᠰᠤᠨ ᠤ ᠰᠦᠨᠡᠰᠦᠨ ᠡᠴᠡ ᠴᠢᠳᠭᠦᠷ ᠪᠤᠶᠤ ᠬᠦᠮᠦᠨ ᠪᠤᠯᠵᠤ ᠬᠤᠪᠢᠯᠬᠤ ᠨᠢ ᠰᠦᠨᠡᠰᠦᠨ ᠦ ᠨᠢᠭᠡ ᠵᠤᠢ᠌ᠯ ᠤᠨ ᠬᠤᠪᠢᠷᠠᠯ ᠪᠤᠶᠤ ᠬᠦᠭ᠍ᠵᠢᠯᠲᠡ ᠶᠢᠨ ᠶᠠᠪᠤᠴᠠ ᠮᠦᠨ᠃ ᠡᠭᠦᠨ ᠦ ᠳᠠᠭᠠᠤ ᠰᠡᠭᠦᠵᠢᠨ ᠶᠠᠰᠤᠨ ᠠᠴᠠ ᠬᠤᠪᠢᠯᠤᠭᠰᠠᠨ ᠴᠢᠳᠭᠦᠷ ᠪᠤᠶᠤ ᠬᠦᠮᠦᠨ ᠨᠢ ᠬᠠᠷᠩ᠋ᠭᠤᠢ ᠪᠦᠷᠦᠢ ᠳᠦ ᠬᠦᠴᠦ ᠴᠢᠳᠠᠯ ᠨᠢ ᠨᠡᠮᠡᠭᠳᠡᠵᠦ᠂ ᠭᠡᠷᠡᠯ ᠭᠡᠭᠡ ᠲᠡᠢ ᠵᠤᠯᠭᠠᠬᠤ ᠳᠤ ᠳᠤᠷᠤᠢ᠌ᠲᠠᠨ ᠪᠠᠤᠷᠠᠳᠠᠭ ᠭᠡᠬᠦ ᠣᠢ᠌ᠯᠠᠭᠠᠯᠲᠠ ᠨᠢ ᠮᠦᠨ ᠰᠦᠨᠡᠰᠦ ᠴᠢᠳᠭᠦᠷ ᠦᠨ ᠣᠢ᠌ᠯᠠᠭᠠᠯᠲᠠ ᠤᠯᠠᠷᠢᠨ ᠬᠦᠭ᠍ᠵᠢᠭᠰᠡᠨ ᠦᠷ᠎ᠡ ᠳ᠋ᠦᠩ ᠮᠦᠨ᠃ ᠰᠡᠭᠦᠵᠢᠨ ᠶᠠᠰᠤᠨ ᠤ ᠦᠯᠢᠭᠡᠷ ᠨᠢ ᠠᠯᠭᠤᠷ ᠢᠶᠠᠷ ᠬᠦᠭ᠍ᠵᠢᠬᠦ ᠳᠡᠭᠡᠨ ᠰᠡᠭᠦᠵᠢᠨ ᠶᠠᠰᠤ ᠶᠢ ᠭᠡᠷ ᠲᠦ ᠦᠯᠦ ᠬᠤᠨᠤᠭᠤᠯᠬᠤ᠂ ᠰᠡᠭᠦᠵᠢᠨ ᠶᠠᠰᠤᠨ ᠠᠴᠠ ᠲᠠᠮᠠᠬᠢ ᠡᠭᠦᠰᠭᠡᠬᠦ᠂ ᠰᠡᠭᠦᠵᠢᠨ ᠶᠠᠰᠤ ᠭᠠᠵᠠᠷ ᠤᠨ ᠨᠡᠷ᠎ᠡ ᠲᠡᠢ ᠬᠤᠯᠪᠤᠭᠳᠠᠬᠤ ᠵᠡᠷᠭᠡ ᠰᠢᠯᠲᠠᠭᠠᠨ ᠢ ᠲᠠᠢ᠌ᠯᠪᠤᠷᠢᠯᠠᠭᠰᠠᠨ ᠠᠭᠤᠯᠭ᠎ᠠ ᠨᠡᠮᠡᠭᠳᠡᠵᠡᠢ ᠭᠡᠵᠦ ᠦᠵᠡᠪᠡ᠃ ᠡᠳᠡᠭᠡᠷ ᠣᠯᠠᠨ ᠬᠤᠪᠢᠷᠠᠯ ᠬᠦᠭ᠍ᠵᠢᠯ ᠦᠨ ᠬᠠᠮᠤᠭ ᠠᠩ᠋ᠠᠬᠠᠨ ᠤ ᠤᠤᠷ ᠬᠡᠪ ᠪᠤᠯ ᠰᠡᠭᠦᠵᠨ ᠶᠠᠰᠤᠨ ᠳᠤ ᠣᠷᠤᠰᠢᠬᠤ ᠰᠦᠨᠡᠰᠦ ᠪᠤᠯᠤᠨ᠎ᠠ ᠭᠡᠵᠦ ᠰᠢᠨᠵᠢᠯᠡᠪᠡ᠃
Original Literature View Original Paper
出自 内蒙古大学学报 2012年 第1期

联系我们


内蒙古大学图书馆
呼和浩特市大学西路235号
中国·内蒙古
P: (0471) 4992561
E: huangfeilong@imu.edu.cn