Abstract |
《ᠥᠪᠥᠷ ᠮᠣᠩᠭᠣᠯ ᠤᠨ ᠶᠡᠬᠡ ᠰᠣᠷᠭᠠᠭᠣᠯᠢ ᠶᠢᠨ ᠡᠷᠳᠡᠮ ᠰᠢᠨᠵᠢᠯᠡᠭᠡᠨ ᠦ ᠰᠡᠳᠭᠦᠯ》 ᠤᠨ 100 ᠳ᠋ᠤᠭᠠᠷ ᠬᠤᠭᠤᠴᠠᠭ᠎ᠠ ᠬᠡᠪᠯᠡᠭᠳᠡᠪᠡ᠃ ᠡᠨᠡ ᠨᠢ ᠪᠢᠳᠡᠨ ᠦ ᠳᠤᠷᠠᠰᠬᠠᠨ ᠳᠡᠮᠳᠡᠭᠯᠡᠬᠦᠰᠢᠲᠠᠢ᠂ ᠤᠳᠬ᠎ᠠ ᠠᠭᠤᠯᠭ᠎ᠠ ᠲᠠᠢ ᠨᠢᠭᠡᠨ ᠶᠠᠪᠤᠳᠠᠯ ᠪᠤᠯᠬᠤ ᠶᠤᠮ᠃ ᠬᠡᠷᠪᠡ ᠨᠢᠬᠡ ᠰᠠᠷ ᠠ ᠶᠢᠨ ᠰᠡᠳᠭᠦᠯ ᠳᠤ ᠠᠪᠴᠤ ᠬᠡᠯᠡᠬᠦ ᠶᠤᠮ ᠪᠤᠯ᠂ ᠵᠠᠭᠤᠨ ᠬᠤᠭᠤᠴᠠᠭ᠎ᠠ ᠬᠡᠵᠦ ᠶᠠᠭᠤ ᠯᠠ ᠪᠠᠢᠬᠤᠪ᠂ ᠬᠡᠪᠡᠴᠤ ᠨᠢᠭᠡ ᠡᠷᠳᠡᠮ ᠰᠢᠨᠵᠢᠡᠯᠭᠡᠨ ᠦ ᠤᠯᠠᠷᠢᠯ ᠤᠨ ᠰᠡᠳᠬᠦᠯ ᠳᠤ ᠠᠪᠴᠤ ᠬᠠᠯᠡᠬᠦ ᠶᠤᠮ ᠪᠤᠯ ᠵᠠᠭᠤᠨ ᠬᠤᠭᠤᠴᠠᠭ᠎ᠠ ᠬᠡᠪᠯᠡᠭᠳᠡᠬᠦ ᠬᠡᠵᠦ ᠲᠠᠢ᠌ᠮᠦ ᠬᠢᠯᠪᠡᠷ ᠪᠢᠰᠢ ᠶᠤᠮ᠂ ᠢᠯᠠᠩᠭ᠋ᠤᠶ ᠠ ᠤᠷᠤᠭ᠎ᠠ ᠪᠤᠰᠬᠠᠭ᠎ᠠ ᠤᠨ ᠰᠠᠷ ᠠ ᠨᠤᠭᠤᠳ ᠲᠤ ᠠᠷᠪᠠᠨ ᠵᠢᠯ ᠶᠢᠨᠷ ᠵᠤᠭᠰᠤᠭᠠᠭᠳᠠᠭᠰᠠᠨ 《ᠮᠣᠩᠭᠣᠯ ᠰᠡᠳᠬᠦᠯ》ᠲᠤ ᠠᠪᠴᠤ ᠬᠡᠯᠡᠪᠡᠯ ᠨᠡᠩ ᠶᠠᠭᠤᠨ ᠢ ᠦᠭᠦᠯᠡᠬᠦ ᠠᠵᠢ᠃ |