Title |
ᠲᠦᠪᠡᠳ ᠦᠨ ᠭᠡᠭᠡᠨ ᠬᠤᠪᠢᠯᠭᠠᠨ ᠤ ᠲᠦᠷᠦᠯ ᠠᠷᠠᠯᠵᠢᠬᠤ ᠳᠦᠷᠢᠮ ᠮᠣᠩᠭ᠋ᠤᠯ ᠳᠤ ᠬᠡᠷᠡᠭᠵᠢᠭᠦᠯᠦᠭᠳᠡᠭᠰᠡᠨ ᠲᠤᠬᠠᠢ |
Creator |
ᠮᠢᠩᠭ᠋ᠠᠳ ᠡᠷᠳᠡᠨᠢᠪᠠᠭᠠᠲᠤᠷ |
Keyword |
ᠮᠣᠩᠭ᠋ᠤᠯ ᠲᠦᠪᠡᠳ; ᠭᠡᠭᠡᠨ ᠬᠤᠪᠢᠯᠭᠠᠨ; ᠲᠦᠷᠦᠯ ᠠᠷᠠᠯᠵᠢᠬᠤ ᠳᠦᠷᠢᠮ |
Abstract |
ᠲᠤᠰ ᠦᠭᠦᠯᠡᠯ ᠳᠦ ᠭᠤᠤᠯᠳᠠᠭᠤ 《ᠴᠢᠩ ᠤᠯᠤᠰ ᠤᠨ ᠳᠤᠲᠤᠭᠠᠳᠤ ᠨᠠᠷᠢᠨ ᠪᠢᠴᠢᠭ᠌ ᠦᠨ ᠶᠠᠮᠤᠨ ᠤ ᠮᠣᠩᠭ᠋ᠤᠯ ᠳᠠᠩᠰᠠ ᠡᠪᠬᠡᠮᠡᠯ ᠦᠨ ᠡᠮᠬᠢᠳᠭᠡᠯ》 ᠪᠡ 《ᠳᠠᠢ᠌ᠴᠢᠩ ᠤᠯᠤᠰ ᠤᠨ ᠮᠠᠭᠠᠳ ᠬᠠᠤᠯᠢ ᠶᠢᠨ ᠮᠣᠩᠭ᠋ᠤᠯ ᠲᠡᠦᠬᠡ ᠶᠢᠨ ᠮᠠᠲ᠋ᠧᠷᠢᠶᠠᠯ》 ᠵᠡᠷᠭᠡ ᠮᠣᠩᠭ᠋ᠤᠯ ᠬᠢᠲᠠᠳ ᠰᠤᠷᠪᠤᠯᠵᠢ ᠪᠢᠴᠢᠭ᠌ ᠢ ᠠᠰᠢᠭᠯᠠᠵᠤ᠂ ᠳᠠᠯᠠᠢ ᠯᠠᠮᠠ᠂ ᠪᠠᠨᠴᠢᠨ ᠡᠷᠳᠡᠨᠢ᠂ ᠵᠢᠪᠽᠦ᠋ᠨᠳᠠᠮᠪᠠ ᠬᠤᠳᠤᠭᠲᠤ᠂ ᠵᠠᠩᠭᠢᠶ᠎ᠠ (ᠵᠠᠩᠵᠠ) ᠬᠤᠳᠤᠭᠲᠤ ᠵᠡᠷᠭᠡ ᠳᠦᠷᠪᠡᠨ ᠶᠡᠬᠡ ᠬᠤᠳᠤᠭᠲᠤ ᠬᠤᠪᠢᠯᠭᠠᠨ ᠤ ᠲᠦᠷᠦᠯ ᠠᠷᠠᠯᠵᠢᠬᠤ ᠰᠢᠰᠲ᠋ᠧᠮ ᠦᠨ ᠪᠦᠷᠢᠯᠳᠦᠭᠰᠡᠨ ᠲᠡᠦᠬᠡᠨ ᠶᠠᠪᠤᠴᠠ ᠶᠢ ᠬᠤᠷᠢᠶᠠᠩᠭ᠋ᠤᠢ᠌ᠯᠠᠨ ᠦᠭᠦᠯᠡᠬᠦ ᠪᠡᠷ ᠳᠠᠮᠵᠢᠭᠤᠯᠤᠨ ᠲᠦᠪᠡᠳ ᠦᠨ ᠭᠡᠭᠡᠨ ᠬᠤᠪᠢᠯᠭᠠᠨ ᠤ ᠲᠦᠷᠦᠯ ᠠᠷᠠᠯᠵᠢᠬᠤ ᠳᠦᠷᠢᠮ ᠮᠣᠩᠭ᠋ᠤᠯ ᠳᠤ ᠬᠡᠷᠬᠢᠨ ᠤᠯᠠᠮᠵᠢᠯᠠᠭᠳᠠᠨ ᠬᠡᠷᠡᠭᠵᠢᠭᠦᠯᠦᠭᠳᠡᠭᠰᠡᠨ ᠲᠤᠬᠠᠢ ᠵᠠᠳᠠᠯᠤᠨ ᠰᠢᠨᠵᠢᠯᠡᠵᠦ᠂ ᠭᠡᠭᠡᠨ ᠬᠤᠪᠢᠯᠠᠭᠠᠳ ᠤᠨ ᠲᠦᠷᠦᠯ ᠠᠷᠠᠯᠵᠢᠬᠤ ᠲᠤᠬᠠᠢ ᠦᠵᠡᠯ ᠰᠠᠨᠠᠭ᠎ᠠ ᠪᠠ ᠦᠢᠯᠳᠦᠯᠭᠡ ᠪᠤᠯ ᠪᠤᠷᠬᠠᠨ ᠤ ᠱᠠᠰᠢᠨ ᠤ ᠲᠡᠦᠬᠡᠨ ᠳᠦ ᠬᠢ ᠨᠤᠮ ᠤᠨ ᠰᠠᠭᠤᠷᠢᠨ ᠢ ᠵᠠᠯᠭᠠᠮᠵᠢᠯᠠᠭᠤᠯᠬᠤ ᠪᠠ ᠱᠠᠰᠢᠨ ᠤ ᠠᠢ᠌ᠮᠠᠭ ᠪᠦᠯᠦᠭ ᠦᠳ ᠦᠨ ᠬᠤᠭᠤᠷᠤᠨᠳᠦᠬᠢ ᠡᠷᠬᠡ ᠠᠰᠢᠭ ᠤᠨ ᠲᠡᠮᠡᠴᠡᠯᠳᠦᠭᠡᠨ ᠦ ᠬᠡᠷᠡᠭᠴᠡᠭᠡ ᠡᠴᠡ ᠪᠤᠢ ᠪᠤᠯᠤᠭᠰᠠᠨ ᠭᠡᠬᠦ ᠦᠵᠡᠯᠲᠡ ᠶᠢ ᠳᠡᠪᠰᠢᠭᠦᠯᠪᠡ᠃ |
Original Literature |
No Original Paper
|
出自 |
内蒙古大学学报
2014年
第4期
|