| Title | ᠮᠣᠩᠭᠤᠯ ᠤᠷᠠᠨ ᠵᠤᠬᠢᠶᠠᠯ ᠤᠨ ᠣᠨᠣᠯ ᠰᠤᠳᠤᠯᠤᠯ ᠤᠨ ᠬᠦᠷᠢᠶᠡᠨ ᠳᠡᠬᠢ ᠰᠤᠳᠤᠨ ᠰᠢᠨᠡ ᠪᠦᠲᠦᠭᠡᠯ — ᠪᠡ · ᠰᠦᠬᠡ ᠶᠢᠨ 《ᠮᠣᠩᠭᠤᠯ ᠦᠨᠳᠦᠰᠦᠲᠡᠨ ᠦ ᠠᠮᠢ ᠠᠬᠤᠢ ᠶᠢᠨ ᠤᠷᠠᠨ ᠵᠤᠬᠢᠶᠠᠯ ᠤᠨ ᠰᠤᠳᠤᠯᠤᠯ》 ᠤᠨ ᠦᠨᠡᠯᠡᠮᠵᠢ | 
            
                | Creator | ᠴ · ᠵᠢᠷᠭ᠋ᠠᠯ | 
            
                | Keyword | ᠣᠨᠣᠯ ᠤᠨ ᠲᠤᠭᠲᠠᠯᠴᠠᠭᠠ; ᠲᠡᠦᠬᠡᠨ ᠲᠤᠢᠮᠤ; ᠠᠮᠢ ᠠᠬᠤᠢ ᠶᠢᠨ ᠤᠷᠠᠨ ᠵᠤᠬᠢᠶᠠᠯ ᠤᠨ ᠦᠪ | 
            
                | Abstract | ᠳᠤᠮᠳᠠᠳᠤ ᠤᠯᠤᠰ ᠤᠨ ᠮᠣᠩᠭᠤᠯ ᠰᠤᠳᠤᠯᠤᠯ ᠤᠨ ᠬᠦᠮᠦᠷᠭᠡ ᠳᠦ ᠣᠷᠤᠭᠰᠠᠨ 《ᠮᠣᠩᠭᠤᠯ ᠦᠨᠳᠦᠰᠦᠲᠡᠨ ᠦ ᠠᠮᠢ ᠠᠬᠤᠢ ᠶᠢᠨ ᠤᠷᠠᠨ ᠵᠤᠬᠢᠶᠠᠯ ᠤᠨ ᠰᠤᠳᠤᠯᠤᠯ》 ᠬᠡᠮᠡᠬᠦ ᠰᠤᠳᠤᠨ ᠰᠢᠨᠡ ᠲᠤᠰᠬᠠᠢ ᠪᠦᠲᠦᠭᠡᠯ ᠪᠤᠯ ᠡᠷᠳᠡᠮ ᠰᠢᠨᠵᠢᠯᠡᠭᠡᠨ ᠦ ᠭᠦᠨᠴᠡ ᠲᠡᠢ᠂ ᠦᠷᠭᠡᠴᠡ ᠲᠡᠢ᠂ ᠦᠨᠳᠦᠷᠴᠡ ᠲᠡᠢ ᠰᠢᠯᠢᠳᠡᠭ ᠪᠦᠲᠦᠭᠡᠯ ᠪᠤᠯᠤᠨᠠ᠃ ᠲᠤᠰ ᠪᠦᠲᠦᠭᠡᠯ ᠦᠨ ᠳᠤᠪᠤᠢᠮᠠ ᠠᠮᠵᠢᠯᠲᠠ ᠨᠢ ᠮᠣᠩᠭᠤᠯ ᠦᠨᠳᠦᠰᠦᠲᠡᠨ ᠦ ᠠᠮᠢ ᠠᠬᠤᠢ ᠶᠢᠨ ᠤᠷᠠᠨ ᠵᠤᠬᠢᠶᠠᠯ ᠤᠨ ᠣᠨᠣᠯ ᠤᠨ ᠲᠤᠭᠲᠠᠯᠴᠠᠭᠠ ᠶᠢ ᠴᠤᠭᠴᠠᠯᠠᠵᠤ᠂ ᠠᠮᠢ ᠠᠬᠤᠢ ᠶᠢᠨ ᠤᠷᠠᠨ ᠵᠤᠬᠢᠶᠠᠯ ᠤᠨ ᠲᠡᠦᠬᠡ ᠶᠢᠨ ᠲᠤᠢᠮᠤ ᠶᠢ ᠵᠢᠷᠤᠭᠯᠠᠵᠤ᠂ ᠮᠣᠩᠭᠤᠯ ᠦᠨᠳᠦᠰᠦᠲᠡᠨ ᠦ ᠠᠮᠢ ᠠᠬᠤᠢ ᠶᠢᠨ ᠤᠷᠠᠨ ᠵᠤᠬᠢᠶᠠᠯ ᠤᠨ ᠦᠪ ᠢ ᠵᠠᠯᠭᠠᠮᠵᠢᠯᠠᠨ ᠳᠡᠯᠭᠡᠷᠡᠭᠦᠯᠵᠦ᠂ ᠬᠦᠮᠦᠨ ᠲᠦᠷᠦᠯᠬᠢᠲᠡᠨ ᠢ ᠡᠬᠡ ᠪᠠᠢᠭᠠᠯᠢ ᠲᠠᠢ ᠪᠠᠨ ᠡᠶᠡ ᠵᠤᠬᠢᠴᠠ ᠣᠷᠤᠰᠢᠨ ᠠᠮᠢᠳᠤᠷᠠᠬᠤ ᠶᠢ ᠤᠷᠢᠶᠠᠯᠠᠨ ᠳᠠᠭᠤᠳᠠᠵᠤ ᠤᠬᠠᠮᠰᠠᠷᠠᠨ ᠰᠡᠭᠡᠭᠡᠷᠡᠭᠦᠯᠬᠦ ᠳᠦ ᠣᠷᠤᠰᠢᠨᠠ᠃ | 
            
                | Original Literature | No Original Paper | 
          
            | 出自 | 内蒙古民族大学学报(社会科学)
              2015年
               第4期 |