Title |
ᠮᠣᠩᠭᠣᠯ ᠰᠣᠨᠢᠨ ᠤ ᠡᠭᠦᠰᠦᠯ ᠬᠦᠭ᠍ᠵᠢᠯ ᠦᠨ ᠴᠠᠭ ᠦᠶ᠎ᠡ ᠶᠢᠨ ᠲᠤᠬᠠᠢ ᠰᠢᠨᠵᠢᠯᠡᠬᠦ ᠨᠢ |
Creator |
ᠡᠷᠳᠡᠨᠢᠳᠠᠯᠠᠢ; ᠯᠢ ᠴᠢᠤ ᠰᠢᠶᠠᠩ |
Keyword |
ᠮᠣᠩᠭᠣᠯ ᠰᠣᠨᠢᠨ; ᠡᠭᠦᠰᠦᠯ ᠬᠦᠭ᠍ᠵᠢᠯ; ᠴᠠᠭ ᠦᠶ᠎ᠡ; ᠰᠢᠯᠲᠠᠭᠠᠨ; ᠰᠢᠨᠵᠢᠯᠡᠨ ᠵᠠᠳᠠᠯᠬᠤ |
Abstract |
ᠰᠣᠨᠢᠨ ᠮᠡᠳᠡᠭᠡᠨ ᠤ ᠵᠠᠭᠤᠴᠢ ᠶᠢᠨ ᠰᠣᠳᠤᠯᠭᠠᠨ ᠪᠣᠯ ᠰᠣᠨᠢᠨ ᠮᠡᠳᠡᠭᠡᠨ ᠦ ᠰᠣᠳᠤᠯᠤᠯ ᠳᠤ ᠬᠢ ᠰᠢᠨ᠎ᠡ ᠮᠦᠷᠲᠡᠭᠡᠨ ᠴᠢᠬᠤᠯᠠ ᠰᠢᠨᠵᠢᠯᠡᠭᠡᠨ ᠦ ᠰᠡᠳᠦᠪ ᠮᠦᠨ᠃ ᠮᠣᠩᠭᠣᠯ ᠰᠣᠨᠢᠨ ᠤ ᠡᠭᠦᠰᠦᠯ ᠬᠦᠭ᠍ᠵᠢᠯ ᠦᠨ ᠲᠡᠥᠬᠡ ᠨᠢ ᠮᠠᠨ ᠤ ᠮᠣᠩᠭᠣᠯ ᠦᠨᠳᠦᠰᠦᠲᠡᠨ ᠦ ᠰᠣᠶᠣᠯ᠂ ᠠᠵᠤ ᠠᠬᠤᠢ᠂ ᠤᠶᠤᠨ ᠰᠡᠳᠭᠢᠬᠦᠢ ᠶᠢᠨ ᠬᠦᠭ᠍ᠵᠢᠯ ᠦᠨ ᠲᠡᠥᠬᠡ ᠲᠠᠢ ᠬᠣᠯᠪᠣᠭᠳᠠᠯ ᠲᠠᠢ ᠮᠦᠷᠲᠡᠭᠡᠨ ᠴᠠᠭᠠᠰᠢᠯᠠᠨ ᠳᠤᠮᠳᠠᠳᠤ ᠤᠯᠤᠰ᠂ ᠪᠦᠬᠦᠢ᠌ᠯᠡ ᠳᠡᠯᠡᠬᠡᠢ ᠶᠢᠨ ᠰᠣᠶᠣᠯ ᠤᠨ ᠰᠣᠳᠤᠯᠤᠯ ᠲᠠᠢ ᠰᠢᠭᠤᠳ ᠬᠣᠯᠪᠣᠭ᠎ᠠ ᠲᠠᠢ᠃ ᠲᠤᠰ ᠦᠭᠦᠯᠡᠯ ᠳᠥ ᠮᠣᠩᠭᠣᠯ ᠰᠣᠨᠢᠨ ᠤ ᠡᠭᠦᠰᠦᠯ ᠬᠦᠭ᠍ᠵᠢᠯ ᠦᠨ ᠴᠠᠭ ᠦᠶ᠎ᠡ ᠶᠢᠨ ᠲᠤᠬᠠᠢ ᠶᠡᠷᠦᠩᠬᠡᠢ ᠳᠤ ᠨᠢ ᠬᠦᠪᠦᠷᠡᠯ ᠰᠣᠶᠣᠭᠠᠯᠠᠯ ᠤᠨ ᠱᠠᠲᠤ; ᠦᠰᠦᠯ ᠪᠣᠢ᠌ᠵᠢᠯ ᠤᠨ ᠱᠠᠲᠤ; ᠦᠷᠨᠢᠯ ᠪᠣᠵᠠᠭᠠᠢ᠌ᠷᠠᠯ ᠤᠨ ᠱᠠᠲᠤ; ᠦᠷᠨᠢᠯ ᠪᠠᠳᠠᠷᠠᠯ ᠤᠨ ᠱᠠᠲᠤ ᠵᠡᠷᠭᠡ ᠳᠦᠷᠪᠡᠨ ᠱᠠᠲᠤ ᠦᠶ᠎ᠡ ᠪᠡᠷ ᠨᠠᠷᠢᠪᠴᠢᠯᠠᠨ ᠰᠢᠨᠵᠢᠯᠡᠬᠦ ᠶᠢᠨ ᠳᠠᠭᠠᠤ ᠮᠣᠩᠭᠣᠯ ᠰᠣᠨᠢᠨ ᠤ ᠡᠭᠦᠰᠦᠯ ᠬᠦᠭ᠍ᠵᠢᠯ ᠦᠨ ᠰᠢᠯᠲᠠᠭᠠᠨ ᠪᠠ ᠮᠣᠩᠭᠣᠯ ᠰᠣᠨᠢᠨ ᠤ ᠬᠦᠭ᠍ᠵᠢᠯᠲᠡ ᠶᠢ ᠬᠠᠷᠰᠢᠯᠠᠵᠤ ᠪᠠᠢ᠌ᠭ᠎ᠠ ᠪᠣᠰᠤᠳᠴᠢ ᠰᠢᠯᠲᠠᠭᠠᠨ ᠢ ᠴᠣ ᠬᠠᠪᠰᠤᠷᠭᠠᠨ ᠰᠢᠨᠵᠢᠯᠡᠵᠡᠢ᠃ |
Original Literature |
View Original Paper
|
出自 |
内蒙古民族大学学报(社会科学)
2008年
第3期
|