Paper Information


Title ᠲᠠᠬᠢᠯᠭ᠎ᠠ ᠰᠢᠳᠦᠯᠭᠡ ᠡᠴᠡ ᠡᠷᠳᠡᠨ ᠤ ᠮᠤᠩᠭ᠋ᠤᠯᠴᠤᠳ ᠤᠨ ᠰᠡᠳᠭᠢᠬᠦᠢ ᠶᠢᠨ ᠤᠨᠴᠠᠯᠢᠭ ᠢ ᠰᠢᠨᠵᠢᠯᠡᠬᠦ ᠨᠢ
Creator ᠭᠠᠯᠰᠠᠩ; ᠱᠦ ᠯᠢᠨ
Keyword ᠮᠤᠩᠭ᠋ᠤᠯᠴᠤᠳ; ᠰᠢᠳᠦᠯᠭᠡ ᠪᠢᠰᠢᠷᠡᠯ; ᠰᠡᠳᠭᠢᠬᠦᠢ
Abstract ᠡᠷᠳᠡᠨ ᠤ ᠮᠤᠩᠭ᠋ᠤᠯᠴᠤᠳ ᠤᠨ ᠪᠠᠯᠠᠷᠯᠢᠭ ᠰᠡᠳᠭᠢᠬᠦᠢ ᠡᠴᠡ ᠪᠤᠯᠵᠤ ᠦᠶ᠎ᠡ ᠬᠡᠦᠬᠡᠳ᠂ ᠡᠳ᠋ ᠪᠤᠳᠠᠰ ᠤᠨ ᠦᠷᠡᠵᠢᠯ ᠪᠤᠢ᠌ᠵᠢᠯ ᠢ ᠡᠬᠡ ᠪᠠᠢ᠌ᠭᠠᠯᠢ ᠶᠢᠨ ᠠᠮᠢ ᠠᠬᠤᠢ ᠲᠠᠢ ᠬᠤᠯᠪᠤᠨ ᠪᠤᠳᠤᠵᠤ᠂ ᠪᠠᠢ᠌ᠭᠠᠯᠢ ᠶᠢᠷᠳᠢᠨᠴᠦ ᠶᠢ ᠠᠮᠢᠯᠠᠭᠤᠯᠵᠤ᠂《ᠲᠡᠭᠷᠢ᠂ ᠨᠡᠷᠡ᠂ ᠠᠭᠤᠯᠠ᠂ ᠬᠠᠳᠠ᠂ ᠤᠪᠤᠭ᠎ᠠ᠂ ᠱᠠᠩᠰᠢ》ᠵᠡᠷᠭᠡ ᠪᠡᠷ ᠡᠷ᠎ᠡ ᠪᠡᠯᠭᠡ ᠶᠢ ᠪᠡᠯᠭᠡᠳᠡᠨ᠂ 《ᠭᠠᠵᠠᠷ ᠲᠡᠯᠡᠭᠡᠢ ᠂ ᠠᠭᠤᠢ ᠨᠦᠬᠡ᠂ ᠰᠠᠷᠠ᠂ ᠭᠤᠤᠯ ᠭᠤᠷᠤᠬ᠎ᠠ》ᠵᠡᠷᠭᠡ ᠪᠡᠷ ᠡᠮ᠎ᠡ ᠪᠡᠯᠭᠡ ᠶᠢ ᠪᠡᠯᠭᠡᠳᠡᠵᠦ᠂ ᠲᠡᠳᠡᠭᠡᠷ ᠡᠴᠡ ᠦᠷ᠎ᠡ ᠬᠡᠦᠬᠡᠳ᠂ ᠠᠳᠤᠭᠤ ᠮᠠᠯ᠂ ᠲᠠᠷᠢᠶ᠎ᠠ ᠲᠦᠮᠦᠰᠦ ᠶᠢᠨ ᠦᠷᠡᠵᠢᠯ ᠦᠰᠦᠯᠳᠡ ᠶᠢ ᠭᠤᠶᠤᠴᠢᠯᠠᠵᠤ ᠪᠠᠢ᠌ᠭᠰᠠᠨ ᠮᠤᠩᠭ᠋ᠤᠯᠴᠤᠳ ᠤᠨ ᠦᠵᠡᠯᠳᠡ ᠰᠡᠳᠭᠢᠬᠦᠢ ᠨᠢ ᠨᠡᠢ᠌ᠭᠡᠮ ᠤᠨ ᠬᠦᠭ᠍ᠵᠢᠯᠳᠡ᠂ ᠤᠷᠴᠢᠨ ᠲᠤᠭᠤᠷᠢᠨ ᠤ ᠦᠭᠡᠷᠡᠴᠢᠯᠡᠯᠳᠡ ᠪᠠ ᠰᠤᠶᠤᠯ ᠤᠨ ᠰᠤᠯᠢᠯᠴᠠᠭ᠎ᠠ ᠶᠢᠨ ᠨᠦᠯᠦᠭᠡ ᠡᠴᠡ ᠰᠢᠯᠳᠠᠭᠠᠯᠠᠨ ᠬᠤᠪᠢᠷᠠᠵᠤ ᠬᠦᠭ᠍ᠵᠢᠭ᠍ᠰᠡᠨ ᠪᠠᠢ᠌ᠨ᠎ᠠ᠃ ᠡᠨᠡ ᠬᠦ ᠦᠵᠡᠯᠳᠡ ᠰᠡᠳᠭᠢᠬᠦᠢ ᠶᠢᠨ ᠬᠤᠪᠢᠷᠠᠯ ᠬᠦᠭ᠍ᠵᠢᠯ ᠨᠢ ᠮᠤᠩᠭ᠋ᠤᠯᠴᠤᠳ ᠤᠨ ᠵᠠᠩ ᠦᠢᠯᠡ ᠪᠠ ᠱᠠᠰᠢᠨ ᠰᠢᠳᠦᠯᠭᠡ ᠳᠤ ᠭᠦᠨ ᠲᠤᠰᠬᠠᠭᠳᠠᠪᠠ᠃ ᠲᠤᠬᠠᠢ᠌ᠯᠠᠪᠠᠯ᠂ ᠦᠷ᠎ᠡ ᠶᠢᠨ ᠬᠤᠳᠤᠭ ᠭᠤᠶᠤᠬᠤ ᠵᠠᠩ ᠦᠢᠯᠡ᠂ ᠲᠦᠷᠦᠵᠦ ᠮᠡᠨᠳᠦᠯᠡᠬᠦ ᠴᠡᠭᠡᠷ ᠶᠤᠰᠤᠨ᠂ ᠤᠷᠤᠭ ᠬᠤᠷᠢᠮ ᠤᠨ ᠵᠠᠩ ᠦᠢᠯᠡ᠂ ᠨᠡᠷ᠎ᠡ ᠬᠠᠢ᠌ᠷᠠᠯᠠᠬᠤ ᠵᠠᠩ ᠦᠢᠯᠡ ᠵᠡᠷᠭᠡ ᠨᠢ ᠪᠦᠷ ᠪᠠᠯᠠᠷᠯᠢᠭ ᠰᠢᠳᠦᠯᠭᠡ ᠶᠢᠨ ᠰᠠᠭᠤᠷᠢ ᠲᠡᠭᠡᠷ᠎ᠡ ᠬᠦᠭ᠍ᠵᠢᠨ ᠬᠤᠪᠢᠷᠠᠵᠤ ᠢᠷᠡᠵᠡᠢ᠃
Original Literature View Original Paper
出自 中国蒙古学 2015年 第6期

联系我们


内蒙古大学图书馆
呼和浩特市大学西路235号
中国·内蒙古
P: (0471) 4992561
E: huangfeilong@imu.edu.cn