Paper Information


Title ᠢᠨᠵᠠᠨᠨ᠋ᠠᠰᠢ ᠶᠢᠨ ᠢᠭᠡᠷ᠎ᠡ ᠪᠦᠲᠦᠭᠡᠯ ᠦᠨ ᠮᠣᠩᠭᠤᠯ ᠦᠵᠡᠮᠦᠷᠢ — 《ᠠᠰᠠᠷ》᠂ 《ᠲᠢᠩᠬᠢᠮ》 ᠤᠨ ᠦᠨᠳᠦᠰᠦᠲᠡᠨ ᠦ ᠣᠨᠴᠠᠯᠢᠭ ᠤᠨ ᠲᠤᠬᠠᠢ ᠮᠦᠴᠢᠳ ᠦᠭᠦᠯᠡᠬᠦ ᠨᠢ
Creator ᠦᠯᠵᠡᠢᠮ᠎ᠡ
Keyword ᠮᠣᠩᠭᠤᠯ ᠦᠵᠡᠮᠦᠷᠢ; ᠦᠨᠳᠦᠰᠦᠲᠡᠨ ᠦ ᠣᠨᠴᠠᠯᠢᠭ; ᠨᠢᠭᠡᠲᠦ ᠰᠢᠨᠵᠢ; ᠨᠢᠭᠡᠲᠦᠯᠲᠦ ᠰᠢᠨᠵᠢ
Abstract ᠶᠡᠬᠡ ᠵᠤᠬᠢᠶᠠᠯᠴᠢ ᠢᠨᠵᠠᠨᠨ᠋ᠠᠰᠢ ᠶᠢᠨ ᠢᠭᠡᠷ᠎ᠡ ᠪᠦᠲᠦᠭᠡᠯ 《ᠨᠢᠭᠡᠨ ᠳᠠᠪᠬᠤᠷ ᠠᠰᠠᠷ》᠂ 《ᠤᠯᠠᠭ᠋ᠠᠨ᠎ᠠ ᠤᠬᠢᠯᠠᠬᠤ ᠲᠢᠩᠬᠢᠮ》 ᠳᠤ ᠠᠷᠤ ᠭᠠᠵᠠᠷ ᠤᠨ ᠠᠮᠢᠳᠤᠷᠠᠯ᠂ ᠠᠯᠢ ᠦᠨᠳᠦᠰᠦᠲᠡᠨ ᠦ ᠣᠨᠴᠠᠯᠢᠭ ᠭᠡᠳᠡᠭ ᠪᠢᠴᠢᠯᠲᠡ ᠢᠯᠡ ᠬᠠᠷᠠᠭᠳᠠᠭ᠎ᠠ ᠦᠭᠡᠢ ᠪᠤᠯᠪᠠᠴᠤ᠂ ᠬᠠᠷᠠᠴᠢᠨ ᠲᠦᠮᠡᠳ ᠮᠣᠩᠭᠤᠯᠴᠤᠳ ᠤᠨ ᠠᠵᠤ ᠠᠮᠢᠳᠤᠷᠠᠯ ᠤᠨ ᠦᠪᠡᠷᠮᠢᠴᠡ ᠵᠠᠩ ᠵᠠᠩᠰᠢᠯ ᠢᠶᠠᠷ ᠲᠦᠯᠦᠭᠡᠯᠡᠭᠦᠯᠦᠨ᠂ ᠮᠣᠩᠭᠤᠯᠴᠤᠳ ᠤᠨ ᠵᠠᠩ ᠰᠤᠶᠤᠯ ᠢ ᠶᠡᠬᠡᠬᠡᠨ ᠠᠬᠤᠭ᠋ᠤᠯᠤᠭᠰᠠᠨ ᠪᠠᠢᠳᠠᠭ᠃ ᠦᠭᠦᠯᠡᠯ ᠳᠦ᠂ ᠲᠤᠬᠠᠢ ᠶᠢᠨ ᠦᠶ᠎ᠡ ᠶᠢᠨ ᠠᠬᠤᠢ ᠪᠠᠢᠳᠠᠯ ᠪᠠ ᠵᠤᠬᠢᠶᠠᠯ ᠤᠨ ᠪᠠᠭ᠋ᠠᠲᠤᠷ ᠤᠨ ᠦᠭᠡ ᠶᠠᠷᠢᠶ᠎ᠠ᠂ ᠦᠢᠯᠡ ᠬᠦᠳᠡᠯᠭᠡᠭᠡᠨ᠂ ᠦᠴᠢᠨ ᠲᠤᠭ᠋ᠤᠷᠢᠨ ᠳᠤ ᠰᠠᠭ᠋ᠤᠷᠢᠯᠠᠨ᠂ ᠠᠮᠢᠳᠤᠷᠠᠯ ᠲᠡᠦᠬᠡ ᠶᠢᠨ ᠨᠢᠭᠡᠲᠦ ᠰᠢᠨᠵᠢ᠂ ᠵᠠᠩ ᠵᠠᠩᠰᠢᠯ ᠤᠨ ᠨᠢᠭᠡᠲᠦ ᠰᠢᠨᠵᠢ᠂ ᠭᠤᠤ᠎ᠠ ᠬᠦᠭᠡᠭᠡᠴᠡᠯᠳᠦᠯ ᠦᠨ ᠨᠢᠭᠡᠲᠦᠯᠲᠦ ᠰᠢᠨᠵᠢ᠂ ᠪᠦᠲᠦᠭᠡᠯᠭᠡ ᠤᠳᠤᠮᠰᠢᠯ ᠤᠨ ᠨᠢᠭᠡᠲᠦᠯᠲᠦ ᠰᠢᠨᠵᠢ ᠭᠡᠬᠦ ᠳᠦᠷᠪᠡᠨ ᠲᠠᠯ᠎ᠠ ᠠᠴᠠ ᠰᠢᠨᠵᠢᠯᠡᠵᠦ᠂ 《ᠠᠰᠠᠷ》᠂ 《ᠲᠢᠩᠬᠢᠮ》 ᠳᠤ ᠪᠢᠴᠢᠭᠳᠡᠭᠰᠡᠨ ᠮᠣᠩᠭᠤᠯ ᠦᠵᠡᠮᠦᠷᠢ ᠬᠢᠭᠡᠳ ᠦᠨᠳᠦᠰᠦᠲᠡᠨ ᠦ ᠣᠨᠴᠠᠯᠢᠭ ᠤᠨ ᠲᠤᠬᠠᠢ ᠦᠭᠦᠯᠡᠵᠡᠢ᠃
Original Literature No Original Paper
出自 内蒙古民族大学学报(社会科学) 2003年 第1期

联系我们


内蒙古大学图书馆
呼和浩特市大学西路235号
中国·内蒙古
P: (0471) 4992561
E: huangfeilong@imu.edu.cn