Paper Information


Title ᠵᠤᠬᠢᠶᠠᠨ ᠪᠦᠲᠦᠭᠡᠯᠭᠡ ᠶᠢᠨ ᠤᠬᠠᠮᠵᠢ ᠶᠢᠨ ᠲᠤᠬᠠᠢ ᠦᠭᠦᠯᠡᠬᠦ ᠨᠢ
Creator ᠪ‍᠂ ᠵᠤᠷᠢᠭᠲᠤ
Keyword
Abstract ᠲᠤᠰ ᠦᠭᠦᠯᠡᠯ ᠳᠦ ᠤᠷᠠᠨ ᠵᠤᠬᠢᠶᠠᠯ᠂ ᠤᠷᠠᠯᠢᠭ ᠤᠨ ᠵᠤᠬᠢᠶᠠᠨ ᠪᠦᠲᠦᠭᠡᠯᠭᠡ ᠶᠢᠨ ᠳᠤᠮᠳᠠᠬᠢ ᠴᠢᠬᠤᠯᠠ ᠨᠢᠭᠡ ᠠᠰᠠᠭᠤᠳᠠᠯ ᠪᠤᠯᠬᠤ ᠤᠬᠠᠮᠵᠢ ᠶᠢᠨ ᠲᠤᠬᠠᠢ ᠦᠭᠦᠯᠡᠪᠡ᠃ ᠤᠬᠠᠮᠵᠢ ᠪᠤᠯ ᠬᠦᠮᠦᠨ ᠦ ᠨᠢᠭᠡ ᠵᠤᠢ᠌ᠯ ᠤᠨ ᠨᠠᠷᠢᠨ ᠪᠤᠳᠤᠯᠢᠶᠠᠨ ᠲᠠᠢ ᠰᠡᠳᠬᠢᠯᠭᠡ ᠶᠢᠨ ᠬᠦᠳᠡᠯᠭᠡᠭᠡᠨ ᠪᠤᠯᠤᠭᠰᠠᠨ ᠤ ᠬᠤᠪᠢ ᠳᠤ ᠰᠡᠷᠡᠯ ᠪᠤᠯᠤᠨ ᠣᠢ᠌ᠯᠠᠭᠠᠮᠵᠢ ᠲᠠᠢ ᠬᠠᠷᠢᠴᠠᠭ᠎ᠠ ᠲᠠᠢ ᠮᠦᠷᠲᠡᠭᠡᠨ ᠢᠯᠭᠠᠭ᠎ᠠ ᠲᠠᠢ ᠶᠤᠮ᠃ ᠤᠬᠠᠮᠵᠢ ᠪᠤᠯ ᠨᠢᠭᠡ ᠵᠤᠢ᠌ᠯ ᠤᠨ ᠪᠡᠶᠡᠴᠢ ᠪᠤᠰᠤᠳᠴᠢ ᠶᠢ ᠨᠢᠭᠡᠳᠭᠡᠭ᠍ᠰᠡᠨ ᠰᠡᠳᠬᠢᠯᠭᠡ ᠶᠢᠨ ᠲᠤᠷᠰᠢᠯᠭ᠎ᠠ ᠪᠠᠢ᠌ᠵᠤ᠂ ᠦᠪᠡᠷ ᠦᠪᠡᠷ ᠦᠨ ᠢᠶᠡᠨ ᠣᠨᠴᠠᠯᠢᠭ ᠲᠠᠢ ᠪᠤᠯᠬᠤᠷ ᠵᠤᠬᠢᠶᠠᠨ ᠪᠦᠲᠦᠭᠡᠬᠦ ᠶᠢᠨ ᠡᠬᠢᠯᠡᠯᠲᠡ ᠪᠤᠯᠬᠤ ᠮᠦᠷᠲᠡᠭᠡᠨ ᠤᠳᠬ᠎ᠠ ᠰᠠᠨᠠᠭᠠᠨ ᠤ ᠭᠦᠨᠵᠡᠭᠡᠢ᠌ᠷᠡᠯ ᠦᠨ ᠤᠷᠢᠳᠠᠯ ᠪᠤᠯᠳᠠᠭ᠃ ᠤᠬᠠᠮᠵᠢ ᠠᠨᠠᠢ ᠪᠤᠯ ᠦᠨᠡᠩᠭᠦ ᠤᠷᠠᠯᠢᠭ ᠤᠨ ᠪᠦᠲᠦᠭᠡᠯ ᠪᠦᠲᠦᠭᠡᠵᠦ ᠴᠢᠳᠠᠬᠤ ᠦᠭᠡᠢ ᠶᠤᠮ᠃ ᠤᠬᠠᠮᠵᠢ ᠨᠢ ᠵᠤᠬᠢᠶᠠᠭᠴᠢ ᠶᠢᠨ ᠲᠦᠷᠦᠯᠬᠢ ᠵᠠᠩ ᠴᠢᠨᠠᠷ ᠲᠠᠢ ᠡᠳᠦᠢ ᠲᠡᠳᠦᠢ ᠬᠤᠯᠪᠤᠭ᠎ᠠ ᠲᠠᠢ ᠪᠤᠯᠪᠠᠴᠤ ᠭᠤᠤᠯᠳᠠᠭᠤ ᠬᠤᠵᠢᠮ ᠤᠨ ᠪᠤᠯᠪᠠᠰᠤᠷᠠᠯ ᠢᠶᠠᠷ ᠰᠢᠢᠳᠪᠦᠷᠢᠯᠡᠭᠳᠡᠳᠡᠭ᠃ ᠤᠬᠠᠮᠵᠢ ᠪᠠᠨ ᠰᠠᠢ᠌ᠵᠢᠷᠠᠭᠤᠯᠬᠤ ᠳᠤ ᠵᠤᠬᠢᠶᠠᠭᠴᠢ ᠶᠢᠨ ᠰᠡᠷᠡᠯ ᠦᠨ ᠡᠷᠬᠡᠲᠡᠨ ᠬᠤᠷᠴᠠ ᠰᠡᠷᠭᠡᠭ᠌ ᠪᠠᠢ᠌ᠬᠤ᠂ ᠤᠬᠠᠮᠵᠢ ᠨᠢ ᠦᠪᠡᠷ ᠦᠨ ᠣᠨᠴᠠᠯᠢᠭ ᠲᠠᠢ ᠪᠠᠢ᠌ᠬᠤ ᠪᠠ ᠰᠡᠳᠬᠢᠯᠭᠡ ᠵᠤᠵᠠᠭᠠᠨ ᠪᠠᠢ᠌ᠬᠤ ᠵᠡᠷᠭᠡ ᠭᠤᠷᠪᠠᠨ ᠲᠠᠯ᠎ᠠ ᠪᠠᠷ ᠠᠩ᠋ᠬᠠᠷᠬᠤ ᠬᠡᠷᠡᠭᠲᠡᠢ᠃ ᠤᠬᠠᠮᠵᠢ ᠶᠢ ᠤᠷᠢᠳ ᠤᠨ ᠤᠷᠠᠨ ᠵᠤᠬᠢᠶᠠᠯ᠂ ᠤᠷᠠᠯᠢᠭ ᠤᠨ ᠣᠨᠣᠯ ᠪᠠ ᠦᠢᠯᠡᠳᠦᠯᠭᠡ ᠳᠦ ᠪᠦᠷ ᠤᠮᠳᠤᠭᠠᠢ᠌ᠯᠠᠵᠤ ᠢᠷᠡᠭᠰᠡᠨ ᠤᠴᠢᠷ ᠵᠤᠬᠢᠶᠠᠭᠴᠢ ᠶᠢᠨ ᠰᠡᠳᠬᠢᠭᠦᠢ ᠶᠢ ᠪᠤᠭᠤᠮᠢᠯᠠᠵᠤ᠂ ᠤᠬᠠᠭᠳᠠᠬᠠᠳᠴᠢᠯᠠᠭᠰᠠᠨ᠂ ᠭᠤᠤᠯ ᠰᠠᠨᠠᠭ᠎ᠠ ᠪᠠᠨ ᠤᠷᠢᠳᠴᠢᠯᠠᠭᠤᠯᠤᠭᠰᠠᠨ ᠭᠡᠮ ᠠᠷᠬᠠᠭ ᠳᠡᠯᠭᠡᠷᠡᠭᠰᠡᠨ ᠪᠠᠢ᠌ᠨ᠎ᠠ᠃ ᠡᠢ᠌ᠨᠭᠦ ᠤᠬᠠᠮᠵᠢ ᠶᠢ ᠵᠤᠬᠢᠶᠠᠨ ᠪᠦᠲᠦᠭᠡᠯ ᠶᠢᠨ ᠴᠢᠬᠤᠯᠠ ᠪᠠᠢ᠌ᠷᠢᠨ ᠳᠤ ᠲᠠᠯᠪᠢᠵᠤ᠂ ᠬᠦᠨᠳᠦ ᠪᠡᠷ ᠦᠵᠡᠬᠦ ᠬᠡᠷᠡᠭᠲᠡᠢ᠃
Original Literature No Original Paper
出自 内蒙古大学学报 1998年 第2期

联系我们


内蒙古大学图书馆
呼和浩特市大学西路235号
中国·内蒙古
P: (0471) 4992561
E: huangfeilong@imu.edu.cn