Paper Information


Title ᠴᠢᠩ ᠤᠨ ᠰᠡᠭᠦᠯᠴᠢ ᠪᠠ ᠢᠷᠭᠡᠨ ᠤᠯᠤᠰ ᠤᠨ ᠦᠶ᠎ᠡ ᠳᠤ ᠴᠠᠬᠠᠷ ᠲᠤ ᠪᠠᠢ᠌ᠭᠰᠠᠨ ᠰᠸᠸᠳ᠋ᠸᠨ ᠤ ᠱᠠᠰᠢᠨ ᠲᠡᠯᠭᠡᠷᠡᠭᠦᠯᠬᠦ ᠪᠦᠯᠬᠦᠮ ᠤᠨ ᠲᠤᠢ᠌ᠮᠤ ᠪᠠᠢ᠌ᠳᠠᠯ
Creator ᠰ • ᠰᠡᠴᠡᠨᠪᠢᠯᠢᠭ᠌; ᠰ • ᠤᠷᠳᠤᠨᠠᠰᠤᠨ
Keyword ᠴᠠᠬᠠᠷ; ᠰᠸᠸᠳ᠋ᠸᠨ ᠤ ᠱᠠᠰᠢᠨ ᠲᠡᠯᠭᠡᠷᠡᠭᠦᠯᠬᠦ ᠪᠦᠯᠬᠦᠮ; ᠬᠡᠪᠯᠡᠯ; ᠡᠮ ᠨᠡᠮᠨᠡᠯᠭᠡ; ᠰᠤᠷᠭᠠᠨ ᠬᠦᠮᠦᠵᠢᠯ
Abstract ᠴᠢᠩ ᠤᠨ ᠰᠡᠭᠦᠯᠴᠢ ᠪᠠ ᠢᠷᠭᠡᠨ ᠤᠯᠤᠰ ᠤᠨ ᠦᠶ᠎ᠡ ᠳᠤ ᠰᠸᠸᠳ᠋ᠸᠨ ᠤ ᠱᠠᠰᠢᠨ ᠲᠡᠯᠭᠡᠷᠡᠭᠦᠯᠬᠦ ᠪᠦᠯᠬᠦᠮ ᠴᠠᠬᠠᠷ ᠲᠤ ᠲᠠᠪᠢᠭᠠᠳ ᠵᠢᠯ ᠰᠠᠭᠤᠵᠠᠢ᠃ ᠲᠡᠳᠡ ᠱᠠᠩᠳᠤ ᠠᠳᠤᠭᠤᠴᠢᠨ ᠬᠤᠰᠢᠭᠤᠨ ᠤ ᠬᠠᠯᠠᠭᠤᠨ ᠤᠰᠤ ᠪᠠ ᠬᠠᠳᠠᠨ ᠰᠦᠮ᠎ᠡ ᠳᠤ ᠢᠰᠦ᠋ᠰ ᠤᠨ ᠰᠤᠷᠭᠠᠯ ᠤᠨ ᠤᠷᠤᠨ ᠭᠡᠵᠦ ᠪᠠᠢ᠌ᠭᠤᠯᠤᠨ ᠬᠡᠪᠯᠡᠯ ᠤᠨ ᠬᠤᠷᠢᠶ᠎ᠠ᠂ ᠰᠤᠷᠭᠠᠭᠤᠯᠢ᠂ ᠡᠮᠨᠡᠯᠭᠡ ᠶᠢᠨ ᠬᠤᠷᠢᠶ᠎ᠠ ᠡᠷᠬᠢᠯᠡᠵᠦ ᠪᠠᠢ᠌ᠭᠰᠠᠨ ᠪᠠ ᠮᠤᠩᠭ᠋ᠤᠯ ᠤᠨ ᠤᠷᠭ᠎ᠠ᠂ ᠴᠠᠬᠠᠷ ᠤᠨ ᠰᠢᠯᠤᠭᠤᠨ ᠴᠠᠭᠠᠨ ᠬᠤᠰᠢᠭᠤᠨ ᠤ ᠴᠠᠢ᠌ᠷᠳᠤ᠂ ᠲᠤᠶᠤᠨ ᠬᠠᠢ᠌ᠷᠬᠠᠨ ᠵᠡᠷᠭᠡ ᠭᠠᠵᠠᠷ ᠰᠠᠯᠪᠤᠷᠢ ᠦᠷᠳᠡᠭᠡ ᠲᠠᠢ ᠪᠠᠢ᠌ᠵᠠᠢ᠃ ᠡᠳᠡᠭᠡᠷ ᠲᠡᠦᠬᠡᠨ ᠪᠠᠢ᠌ᠳᠠᠯ ᠢ ᠦᠭᠦᠯᠡᠯ ᠳᠤ ᠦᠨᠡᠨ ᠪᠤᠳᠠᠳᠤ ᠬᠡᠷᠡᠴᠢ ᠪᠠᠷᠢᠮᠳᠠ ᠪᠡᠷ ᠲᠤᠳᠤᠷᠠᠭᠤᠯᠤᠨ ᠦᠭᠦᠯᠡᠵᠦ᠂ ᠲᠤᠰ ᠲᠡᠦᠬᠡᠨ ᠬᠡᠷᠡᠭ ᠤᠴᠢᠷ ᠲᠤ ᠪᠤᠰᠤᠳᠴᠢ ᠪᠡᠷ ᠦᠨᠡᠯᠡᠯᠳᠡ ᠬᠢᠬᠦ ᠶᠢ ᠬᠢᠴᠢᠶᠡᠪᠡ᠃
Original Literature No Original Paper
出自 内蒙古社会科学(蒙文版) 2002年 第3期

联系我们


内蒙古大学图书馆
呼和浩特市大学西路235号
中国·内蒙古
P: (0471) 4992561
E: huangfeilong@imu.edu.cn