Abstract |
ᠤᠷᠳᠤᠰ ᠤᠨ ᠦᠨᠳᠦᠷᠯᠢᠭ ᠲᠤᠴᠣᠯᠭᠤᠷᠠᠨ ᠭᠠᠷᠤᠭᠰᠠᠨ ᠠᠯᠳᠠᠷᠲᠤ ᠰᠢᠯᠦᠭᠴᠢ ᠪᠦᠭᠡᠳ ᠵᠡᠬᠢᠶᠠᠯᠴᠢ ᠬᠡᠰᠢᠭᠪᠠᠲᠤ ᠶᠢᠨ ᠲᠦᠷᠪᠡᠳᠦᠭᠡᠷ ᠦᠶ᠎ᠡ ᠶᠢᠨ ᠦᠷᠡᠳᠦᠰ——ᠦᠤᠰᠢᠨ ᠬᠤᠰᠢᠭᠤᠨ ᠤ ᠱᠠᠷᠯᠢᠭ ᠰᠣᠮᠤᠨ ᠤ ᠰᠠᠢᠰᠢᠶᠠᠯᠲᠤ᠂ 1986ᠣᠨ ᠳ᠋ᠤ ᠲᠦᠮᠡ ᠰᠢᠬᠠᠮ ᠦᠰᠦᠭ ᠲᠠᠢ ᠨᠢᠭᠡᠨ ᠢᠵᠢ ᠶᠢᠨ ᠭᠡᠷ ᠤᠨ ᠦᠶ᠎ᠡ ᠶᠢᠨ ᠪᠢᠴᠢᠮᠡᠯ ᠢ ᠪᠢᠴᠢᠵᠦ᠂ ᠦᠯᠡᠳᠡᠭᠡᠭᠰᠡᠨ ᠪᠠᠢᠵᠠᠢ᠃ ᠡᠭᠦᠨ ᠢ ᠦᠪᠦᠷ ᠮᠣᠨᠭᠤᠯ ᠤᠨ ᠨᠠᠮ ᠤᠨ ᠰᠤᠷᠭᠠᠭᠤᠯᠢ ᠶᠢᠨ ᠯ•ᠬᠤᠷᠴᠠᠪᠠᠭᠠᠲᠤᠷ ᠨᠦᠬᠦᠷ᠂ 1983 ᠣᠨ ᠳᠤ ᠰᠤᠷᠪᠤᠯᠵᠢᠯᠠᠨ ᠤᠯᠵᠤ ᠢᠷᠡᠭᠰᠡᠨ ᠪᠠᠢᠨ᠎ᠠ᠃
ᠰᠠᠢᠰᠢᠶᠡᠯᠲᠤ ᠶᠢᠨ ᠡᠨᠡ ᠭᠡᠷ ᠤᠨ ᠦᠶ᠎ᠡ ᠶᠢᠨ ᠪᠢᠴᠢᠮᠡᠯ ᠳ᠋ᠤ᠂ ᠠᠯᠲᠠᠷᠲᠤ ᠰᠢᠯᠦᠭᠴᠢ ᠪᠦᠭᠡᠳ ᠵᠣᠬᠢᠶᠠᠯᠴᠢ ᠬᠡᠰᠢᠭᠪᠠᠲᠤ ᠶᠢᠨ ᠭᠡᠷ ᠤᠭᠰᠠᠭᠠᠮ ᠦᠢᠯᠠ ᠠᠮᠢᠲᠤᠷᠠᠯ ᠤᠨ ᠲᠣᠬᠠᠢ ᠲᠡᠮᠳᠡᠭᠯᠡᠯ ᠴᠢᠬᠤᠯᠠ ᠪᠠᠢᠷᠢ ᠵᠢ ᠡᠵᠡᠯᠡᠵᠦ ᠪᠣᠢ᠃ ᠡᠢᠮᠦ ᠡᠴᠡ᠂ ᠡᠨᠳᠡ ᠪᠢᠳᠡ ᠡᠨᠡ ᠬᠠᠮᠢᠶᠠᠳᠠᠢ ᠵᠦᠢᠯᠡᠰ ᠢ ᠨᠢ ᠬᠡᠰᠡᠭᠯᠡᠨ ᠡᠮᠬᠢᠳᠭᠡᠭᠡᠳ᠂ᠤᠯᠤᠰ ᠤᠨ ᠲᠤᠳᠤᠭᠠᠰᠤ ᠭᠠᠳᠠᠭᠠᠳᠤ ᠶᠢᠨ ᠡᠡᠳᠡᠮᠲᠡᠨ ᠮᠡᠷᠭᠡᠳ ᠤᠨ ᠨᠢᠲᠤ ᠵᠢ ᠬᠤᠵᠢᠷᠯᠠᠨ ᠨᠡᠢᠳᠡᠯᠡᠪᠡ᠃ |