| Title | 
                ᠭᠠᠩᠨᠠᠭᠤᠷ ᠡᠪᠡᠰᠦᠨ ᠡᠴᠡ ᠳᠡᠭᠳᠡᠮᠡᠬᠡᠢ ᠲᠣᠰᠤ ᠵᠢ ᠭᠠᠷᠭᠠᠨ ᠠᠪᠬᠤ ᠪᠠ ᠲᠡᠭᠦᠨ ᠤ ᠬᠢᠮᠢ ᠵᠢᠨ ᠪᠦᠷᠢᠯᠳᠦᠭᠦᠨ ᠢ ᠰᠣᠳᠤᠯᠬᠤ | 
            
            
                | Creator | 
                ᠬᠠᠢ ᠫᠢᠩ  ᠪᠣᠣ ᠢᠦᠢ ᠯᠢᠶᠠᠨ | 
            
            
                | Keyword | 
                ᠭᠠᠩᠨᠠᠭᠤᠷ ᠡᠪᠡᠰᠦ; ᠳᠡᠭᠳᠡᠮᠡᠬᠡᠢ ᠲᠣᠰᠤ; ᠤᠰᠤᠨ ᠠᠭᠤᠷ ᠵᠢᠡᠷ ᠨᠡᠷᠡᠬᠦ ᠠᠷᠭ᠋ ᠠ; | 
            
            
                | Abstract | 
                ᠭᠠᠩᠨᠠᠭᠤᠷ ᠡᠪᠡᠰᠦ ᠪᠡᠷ ᠲᠣᠷᠰᠢᠯᠲᠠ ᠵᠢᠨ ᠮᠠᠲ᠋ᠧᠷᠢᠶᠠᠯ ᠪᠣᠯᠭᠠᠵᠤ᠂ ᠤᠰᠤᠨ ᠠᠭᠤᠷ ᠵᠢᠡᠷ ᠨᠡᠷᠡᠬᠦ ᠠᠷᠭ᠋ ᠠ ᠵᠢ ᠠᠰᠢᠭᠯᠠᠨ ᠳᠡᠭᠳᠡᠮᠡᠬᠡᠢ ᠲᠣᠰᠤ ᠵᠢ ᠭᠠᠷᠭᠠᠨ ᠠᠪᠴᠦ᠂ ᠳᠠᠷᠠᠭ᠋ ᠠ ᠳᠤᠨᠢ ᠡᠾᠸᠺᠠᠰᠠᠨ ᠵᠢᠡᠷ ᠭᠤᠷᠪᠠ ᠤᠳᠠᠭ᠋ ᠠ ᠴᠣᠬᠤᠯᠠᠭᠤᠯᠵᠤ᠂ ᠳᠠᠬᠢᠨ ᠴᠣᠬᠤᠯᠠᠭᠤᠯᠤᠭᠰᠠᠨ ᠰᠢᠩᠭᠡᠨ ᠵᠢᠡᠨ ᠤᠰᠤᠭᠦᠢ ᠬᠦᠬᠦᠷ ᠬᠦᠴᠢᠯ ᠤᠨ ᠨᠠᠲ᠋ᠷᠢ ᠪᠡᠷ ᠬᠠᠲᠠᠭᠠᠨ᠌ ᠠ᠃ ᠡᠭᠦᠨ ᠳᠤ ᠬᠡᠢ ᠲᠦᠯᠦᠪᠲᠦ ᠦᠩᠭᠡᠲᠦ — ᠮᠠᠰ ᠤᠨ ᠵᠢᠭᠰᠠᠯ ᠤᠨ ᠤᠭᠰᠠᠷᠠᠨ ᠬᠡᠷᠡᠭᠯᠡᠬᠦ ᠮᠡᠷᠭᠡᠵᠢᠯ ᠢ ᠠᠰᠢᠭᠯᠠᠵᠤ᠂ ᠭᠠᠩᠨᠠᠭᠤᠷ ᠡᠪᠡᠰᠦ ᠳᠡᠬᠢ ᠳᠡᠭᠳᠡᠮᠡᠬᠡᠢ ᠲᠣᠰᠤᠨ ᠤ ᠬᠢᠮᠢ ᠵᠢᠨ ᠪᠦᠷᠢᠯᠳᠦᠭᠦᠨ ᠢ ᠰᠣᠳᠤᠯᠵᠤ᠂ ᠨᠡᠶᠢᠲᠡ 61 ᠵᠦᠢᠯ ᠤᠨ ᠣᠷᠬᠢᠯ ᠢ ᠬᠡᠮᠵᠢᠨ ᠣᠯᠵᠤ᠂ ᠲᠡᠭᠦᠨ ᠤ ᠳᠣᠲᠤᠷᠠᠬᠢ 26 ᠵᠦᠢᠯ ᠤᠨ ᠬᠢᠮᠢ ᠵᠢᠨ ᠪᠦᠷᠢᠯᠳᠦᠭᠦᠨ ᠢ ᠠᠩᠭ ᠠ ᠠᠯᠬᠤᠮ ᠬᠢᠨᠠᠨ ᠲᠣᠭᠲᠠᠭᠠᠵᠤ᠂ ᠡᠨᠡ ᠨᠢ ᠪᠦᠬᠦ ᠣᠷᠬᠢᠯ ᠤᠨ ᠲᠠᠯᠠᠪᠠᠢ ᠵᠢᠨ 84.97% ᠵᠢ ᠡᠵᠡᠯᠡᠪᠡ᠃ ᠭᠠᠩᠨᠠᠭᠤᠷ ᠡᠪᠡᠰᠦᠨ ᠳᠣᠲᠤᠷᠠᠬᠢ ᠭᠣᠣᠯ ᠪᠦᠷᠢᠯᠳᠦᠭᠦᠨ ᠨᠢ ᠣᠩᠨᠠᠫᠦ᠋ ᠲᠦᠸᠸ ᠵᠢᠨ ᠬᠠᠷᠢᠴᠠᠩᠭ᠋ᠤᠢ ᠵᠠᠭᠤᠨ ᠤ ᠬᠣᠪᠢ ᠵᠢᠨ ᠠᠭᠤᠯᠤᠭᠳᠠᠴᠠ ᠨᠢ ᠬᠠᠮᠤᠭ ᠡᠴᠡ ᠦᠨᠳᠦᠠᠷ᠂ ᠳᠠᠷᠤᠢ 26.61% ᠵᠢ ᠡᠵᠡᠯᠡᠵᠦ᠂ ᠳᠠᠷᠠᠭᠠᠯᠠᠪᠠᠯ (IS)-1,7,7 ᠭᠤᠷᠪᠠᠨ ᠮᠸᠲ᠋ᠢᠯ-ᠬᠣᠣᠰ ᠴᠠᠭᠠᠷᠢᠭ (2.2.1) ᠡᠾᠸᠫᠲ᠋ᠠᠨ -2-ᠺᠸᠲ᠋ᠤᠨ (19.65%) ᠪᠣᠯᠤᠨ᠌ ᠠ᠃ ᠡᠭᠦᠨ ᠡᠴᠡ ᠭᠠᠳᠠᠨ᠌ ᠠ ᠪᠠᠰᠠ (R)-4-ᠮᠸᠲ᠋ᠢᠯ ᠡᠲ᠋ᠢᠯᠲᠦ)-3-ᠴᠠᠭᠠᠷᠢᠭ ᠡᠾᠸᠺᠰᠸᠨ -1- ᠠᠯᠺᠦᠦᠯ (4.62%)᠂3.7-ᠬᠣᠶᠠᠷ ᠮᠸᠲ᠋ᠢᠯ -1.6- ᠬᠣᠶᠠᠷᠴᠢ ᠣᠺᠲ᠋ᠸᠨ -3-ᠠᠯᠺᠦᠦᠯ (3.62%)᠂ 2- ᠹᠦᠷᠠᠨ ᠮᠸᠲ᠋ᠢᠯ ᠠᠯᠺᠦᠦᠯ (2.84%)᠂2᠂4᠂6-ᠭᠤᠷᠪᠠᠨ ᠮᠸᠲ᠋ᠢᠯ -3-ᠴᠠᠭᠠᠷᠢᠭ ᠡᠾᠸᠺᠰᠠᠨ -1-ᠮᠸᠲ᠋ᠠ ᠠᠯᠳ᠋ᠸᠬᠢᠳ᠋ (2.58%) ᠵᠡᠷᠭᠡ ᠪᠣᠢ᠃ | 
            
            
                | Original Literature | 
                
                    
                    View Original Paper
                    
                 | 
            
          
            | 出自 | 
            
              内蒙古民族大学学报(自然科学)
              2006年
               第2期
             |