Paper Information


Title 《ᠮᠣᠩᠭ᠋ᠤᠯ ᠤᠨ ᠨᠢᠭᠤᠴᠠ ᠲᠤᠪᠴᠢᠶᠠᠨ》᠋ ᠤ ᠬᠡᠯᠡᠴᠡ ᠶᠢᠨ ᠲᠤᠪᠴᠢ ᠳᠠᠢ᠌ᠯᠤᠯ
Creator ᠣ‍ · ᠬᠦᠷᠡᠯᠪᠠᠭᠠᠲᠤᠷ
Keyword
Abstract ᠲᠤᠰ ᠦᠭᠦᠯᠡᠯ ᠳᠦ ᠭᠤᠤᠯᠳᠠᠭᠤ 《ᠮᠣᠩᠭ᠋ᠤᠯ ᠤᠨ ᠨᠢᠭᠤᠴᠠ ᠲᠤᠪᠴᠢᠶᠠᠨ》᠋ ᠤ ᠬᠡᠯᠡᠴᠡ ᠶᠢ ᠨᠡᠯᠢᠶᠡᠳ ᠪᠦᠷᠢᠨ ᠰᠢᠭ᠌ ᠵᠢᠭ᠌ᠰᠠᠭᠠᠨ ᠦᠵᠡᠭᠦᠯᠵᠦ᠂ ᠳᠠᠭᠤᠤ ᠳᠤᠨᠢ ᠲᠡᠭᠦᠨ ᠦ ᠬᠠᠷᠠᠭᠤᠯᠤᠭᠰᠠᠨ ᠤᠳᠬ᠎ᠠ ᠰᠠᠨᠠᠭ᠎ᠠ ᠶᠢ ᠲᠠᠢ᠌ᠯᠪᠤᠷᠢᠯᠠᠨ ᠲᠤᠳᠤᠷᠬᠠᠢ᠌ᠯᠠᠬᠤ ᠪᠠᠷ ᠣᠷᠤᠯᠳᠤᠪᠠ᠃ ᠣᠳᠣ ᠪᠤᠯᠲᠠᠯ᠎ᠠ 《ᠨᠢᠭᠤᠴᠠ ᠲᠤᠪᠴᠢᠶᠠᠨ》᠋ ᠤ ᠬᠡᠯᠡᠴᠡ ᠶᠢ ᠠᠳᠠᠯᠢ ᠪᠤᠰᠤ ᠵᠤᠷᠢᠯᠭ᠎ᠠ ᠪᠠᠷ ᠣᠯᠠᠨ ᠲᠠᠯ᠎ᠠ ᠠᠴᠠ ᠰᠤᠳᠤᠯᠤᠨ ᠰᠢᠨᠵᠢᠯᠡᠭᠰᠡᠨ ᠦᠭᠦᠯᠡᠯ ᠵᠤᠬᠢᠶᠠᠯ ᠨᠡᠯᠢᠶᠡᠳ ᠪᠠᠢ᠌ᠬᠤ ᠪᠤᠯᠪᠠᠴᠤ ᠲᠡᠭᠦᠨ ᠢ ᠰᠢᠰᠲ᠋ᠧᠮᠵᠢᠭᠦᠯᠦᠨ ᠶᠡᠷᠦᠩᠬᠡᠢ᠌ᠯᠡᠵᠦ ᠲᠤᠳᠤᠷᠬᠠᠢ᠌ᠯᠠᠭᠰᠠᠨ ᠵᠤᠬᠢᠶᠠᠯ ᠬᠠᠷᠠᠬᠠᠨ ᠦᠭᠡᠢ ᠪᠠᠢ᠌ᠭᠰᠠᠭᠠᠷ᠃ ᠲᠤᠰ ᠦᠭᠦᠯᠡᠯ᠂ ᠡᠢ᠌ᠮᠦ ᠪᠠᠢ᠌ᠳᠠᠯ ᠳᠤ ᠴᠢᠭᠯᠡᠭᠦᠯᠵᠦ᠂ ᠡᠷᠳᠡᠮᠲᠡᠳ ᠦᠨ ᠰᠤᠳᠤᠯᠭᠠᠨ ᠤ ᠰᠠᠭᠤᠷᠢᠨ ᠳᠡᠭᠡᠷ᠎ᠡ 《ᠨᠢᠭᠤᠴᠠ ᠲᠤᠪᠴᠢᠶᠠᠨ》᠋ ᠤ ᠬᠡᠯᠡᠴᠡ ᠶᠢᠨ ᠤᠤᠯ ᠰᠠᠨᠠᠭ᠎ᠠ ᠶᠢ ᠪᠦᠷᠢᠨ ᠲᠤᠳᠤᠷᠠᠭᠤᠯᠬᠤ ᠶᠢ ᠣᠷᠤᠯᠳᠤᠪᠠ᠃ ᠲᠡᠭᠡᠬᠦ ᠳᠡᠭᠡᠨ ᠨᠡᠯᠢᠶᠡᠳ ᠵᠤᠢ᠌ᠯ ᠳᠡᠭᠡᠷ᠎ᠡ ᠡᠷᠳᠡᠮᠲᠡᠳ ᠦᠨ ᠰᠤᠳᠤᠯᠭᠠᠨ ᠤ ᠪᠦᠲᠦᠭᠡᠯ ᠢ ᠠᠰᠢᠭᠯᠠᠭᠰᠠᠨ ᠪᠤᠯᠪᠠᠴᠤ ᠵᠠᠷᠢᠮ ᠵᠤᠢ᠌ᠯ ᠳᠡᠭᠡᠷ᠎ᠡ ᠬᠤᠪᠢᠨ ᠤ ᠰᠢᠨ᠎ᠡ ᠦᠵᠡᠯᠲᠡ ᠪᠡᠨ ᠳᠤᠷᠠᠳᠤᠭᠰᠠᠨ ᠪᠠᠢ᠌ᠨ᠎ᠠ᠃
Original Literature No Original Paper
出自 内蒙古大学学报 1993年 第2期

联系我们


内蒙古大学图书馆
呼和浩特市大学西路235号
中国·内蒙古
P: (0471) 4992561
E: huangfeilong@imu.edu.cn