Paper Information


Title ᠮᠣᠩᠭᠤᠯ ᠦᠨᠳᠦᠰᠦᠲᠡᠨ ᠦ ᠵᠤᠭ᠋ᠤᠰ ᠤᠨ ᠦᠷᠲᠡᠭ ᠦᠨ ᠦᠵᠡᠯᠲᠡ
Creator ᠪᠦᠷᠢᠨᠮᠠᠨᠳᠤ
Keyword
Abstract ᠮᠣᠩᠭᠤᠯᠴᠤᠳ ᠤᠨ ᠤᠯᠠᠮᠵᠢᠯᠠᠯᠲᠤ ᠣᠢᠯᠠᠭ᠋ᠠᠯᠲᠠ ᠳᠤ ᠵᠤᠭ᠋ᠤᠰ ᠢ ᠲᠤᠤᠷᠠᠰᠢᠶᠠᠬᠤ᠂ ᠵᠤᠭ᠋ᠤᠰ ᠢ ᠵᠢᠭᠰᠢᠬᠦ᠂ ᠵᠤᠭ᠋ᠤᠰ ᠠᠴᠠ ᠵᠢᠷᠦᠬᠡᠰᠢᠶᠡᠬᠦ ᠬᠡᠪᠰᠢᠯ ᠳᠡᠢᠯᠦᠩᠭᠦᠢ ᠪᠠᠢᠳᠠᠭ᠃ ᠡᠨ᠋ᠡ ᠨᠢ ᠵᠠᠬ᠎ᠠ ᠳᠡᠯᠭᠡᠭᠦᠷ ᠦᠨ ᠠᠵᠤ ᠠᠬᠤᠢ ᠯᠤᠭ᠎ᠠ ᠦᠯᠦ ᠲᠤᠬᠢᠷᠠᠯᠴᠠᠬᠤ ᠮᠦᠷᠲᠡᠭᠡᠨ ᠮᠣᠩᠭᠤᠯᠴᠤᠳ ᠤᠨ ᠢᠳᠡᠪᠬᠢᠵᠢᠯ ᠢ ᠬᠦᠯᠢᠶᠡᠰᠦᠯᠡᠵᠦ᠂ ᠵᠤᠭ᠋ᠤᠰ ᠢᠶᠠᠷ ᠪᠠᠶᠠᠵᠢᠬᠤ ᠲᠡᠷᠳᠡᠭ ᠵᠠᠮ ᠠᠴᠠ ᠵᠠᠢᠳᠠᠭ᠋ᠤᠯᠳᠠᠭ᠃ ᠣᠳᠤᠬᠠᠨ ᠳᠤ ᠵᠤᠭ᠋ᠤᠰ ᠢ ᠰᠢᠲᠦᠬᠦ᠂ ᠵᠤᠭ᠋ᠤᠰ ᠢ ᠳᠡᠭᠡᠳᠦᠴᠢᠯᠡᠬᠦ᠂ ᠵᠤᠭ᠋ᠤᠰ ᠢ ᠦᠬᠦᠨ ᠬᠦᠭᠡᠭᠡᠴᠡᠯᠳᠦᠬᠦ ᠬᠡᠯᠪᠡᠷᠢᠯ ᠴᠦ ᠡᠳᠦᠷ ᠡᠴᠡ ᠡᠳᠦᠷ ᠬᠦᠨᠳᠦ ᠨᠤᠴᠢᠲᠠᠢ ᠪᠤᠯᠵᠤ ᠪᠤᠢ᠃ ᠡᠨ᠋ᠡ ᠨᠢ ᠵᠤᠭ᠋ᠤᠰ ᠢ ᠦᠬᠦᠨ ᠰᠢᠲᠦᠭᠴᠢᠳ ᠢ ᠨᠠᠵᠠᠭ᠋ᠠᠢ ᠵᠦᠭ ᠬᠦᠲᠦᠯᠦᠨ ᠵᠤᠭ᠋ᠤᠰ ᠢᠶᠠᠷ ᠪᠠᠶᠠᠵᠢᠬᠤ ᠳᠠᠷᠳᠠᠩ ᠵᠠᠮ ᠤᠨ ᠬᠠᠵᠠᠭ᠋ᠤᠳᠠᠬᠢ ᠭᠤᠤ ᠰᠤᠪᠠᠭ ᠲᠤ ᠣᠢᠴᠢᠭ᠋ᠤᠯᠳᠠᠭ᠃ ᠵᠤᠭ᠋ᠤᠰ ᠢ ᠣᠨ᠋ᠣᠴᠢᠲᠠᠢ ᠲᠠᠨ᠋ᠢᠬᠤ ᠲᠤᠯᠭ᠋ᠠᠮ᠎ᠠ ᠡᠭᠦᠷᠭᠡ ᠮᠣᠩᠭᠤᠯ ᠤᠭᠰᠠᠭ᠋ᠠᠲᠠᠨ ᠤ ᠡᠮᠦᠨ᠎ᠡ ᠴᠦ ᠲᠠᠯᠪᠢᠭᠳᠠᠵᠤ ᠪᠠᠢᠨ᠎ᠠ᠃ ᠲᠤᠰ ᠦᠭᠦᠯᠡᠯ ᠳᠦ (1) ᠨᠡᠢᠭᠡᠮ ᠦᠨ ᠠᠮᠢᠳᠤᠷᠠᠯ ᠤᠨ ᠢᠷᠠᠭ᠋ᠤ ᠪᠦᠲᠦᠭᠡᠯᠲᠡ; (2) ᠪᠤᠳᠤᠯᠢᠶᠠᠨᠲᠤ ᠰᠤᠯᠢᠯᠴᠠᠭ᠋ᠠᠨ ᠤ ᠪᠦᠲᠦᠮᠵᠢᠲᠦ ᠪᠠᠭ᠋ᠠᠵᠢᠫ; (3) ᠪᠠᠯᠪᠠᠰᠤᠨ ᠨᠡᠢᠭᠡᠮ ᠦᠨ ᠪᠡᠯᠭᠡ ᠲᠡᠮᠳᠡᠭ; (4) ᠲᠠᠸᠠᠷ ᠤᠨ ᠨᠡᠢᠭᠡᠮ ᠦᠨ ᠬᠡᠷᠡᠭᠴᠡᠭᠡᠨ ᠦ ᠭᠡᠮᠨ᠋ᠡᠭᠦᠷ ᠭᠡᠬᠦ ᠳᠦᠷᠪᠡᠨ ᠲᠠᠯ᠎ᠠ ᠪᠠᠷ ᠵᠤᠭ᠋ᠤᠰ ᠤᠨ ᠲᠤᠬᠠᠢ ᠦᠵᠡᠯᠲᠡ ᠪᠡᠨ ᠳᠡᠯᠭᠡᠵᠡᠢ᠃
Original Literature No Original Paper
出自 内蒙古民族大学学报(社会科学) 1995年 第4期

联系我们


内蒙古大学图书馆
呼和浩特市大学西路235号
中国·内蒙古
P: (0471) 4992561
E: huangfeilong@imu.edu.cn