Abstract |
ᠦᠭᠦᠯᠡᠯ ᠳᠦ ᠂ 1978 ᠤᠨ ᠠᠴᠠ ᠨᠠᠭᠠᠰᠢᠬᠢ ᠮᠤᠨᠭᠭᠤᠯ ᠤᠷᠠᠨ ᠵᠤᠬᠢᠶᠠᠯ ᠳᠠᠬᠢ ᠦᠨᠳᠦᠰᠦᠲᠡᠨ ᠦ ᠦᠵᠡᠯ ᠦᠨ ᠢᠯᠡᠷᠡᠯ ᠢ ᠰᠢᠨᠵᠢᠯᠡᠭᠰᠡᠨ ᠪᠠᠶᠢᠨ᠎ᠠ᠃ 1978 ᠤᠨ ᠠᠴᠠ 1922 ᠤᠨ ᠪᠤᠯᠲᠠᠯᠠᠬᠢ ᠤᠷᠠᠨ ᠵᠤᠬᠢᠶᠠᠯ ᠳᠠᠬᠢ ᠦᠨᠳᠦᠰᠦᠲᠡᠨ ᠦ ᠦᠵᠡᠯ ᠨᠢ ᠤᠯᠤᠰ ᠲᠦᠷᠦ ᠶᠢᠨ ᠳᠠᠪᠬᠤᠷᠭ᠎ᠠ ᠳᠡᠭᠡᠷ᠎ᠡ ᠴᠠᠭᠠᠳᠬᠠᠯ ᠬᠢᠵᠦ ᠨᠡᠷ᠎ᠡ ᠬᠦᠨᠳᠦ ᠪᠡᠨ ᠰᠡᠷᠭᠦᠭᠡᠨ᠂ ᠨᠡᠶᠢᠭᠡᠮ ᠦᠨ ᠳᠠᠪᠬᠤᠷᠭ᠎ᠠ ᠳᠡᠭᠡᠷ᠎ᠡ ᠰᠤᠶᠤᠯ ᠤᠨ ᠲᠡᠮᠳᠡᠭ ᠢ ᠳᠠᠬᠢᠵᠤ ᠴᠤᠭᠴᠠᠯᠠᠨ᠂ ᠨᠡᠶᠢᠭᠡᠮ ᠦᠨ ᠳᠠᠶᠢᠴᠢᠯᠠᠯᠲᠠ ᠬᠢᠵᠦ᠂ ᠰᠤᠶᠤᠯ ᠤᠨ ᠳᠠᠪᠬᠤᠷᠭ᠎ᠠ ᠳᠡᠭᠡᠷ᠎ᠡ ᠦᠪᠡᠷ ᠢ ᠪᠡᠨ ᠳᠠᠬᠢᠨ ᠲᠠᠨᠢᠵᠤ᠂ ᠤᠳᠤᠬᠢᠴᠢᠯᠠᠯᠲᠠ ᠳᠤ ᠵᠤᠬᠢᠴᠠᠬᠤ ᠪᠠᠷ ᠴᠢᠷᠮᠠᠶᠢᠭᠰᠠᠨ ᠪᠠᠶᠢᠨ᠎ᠠ᠃ 1992 ᠤᠨ ᠠᠴᠠ ᠨᠠᠭᠠᠰᠢᠬᠢ ᠤᠷᠠᠨ ᠵᠤᠬᠢᠶᠠᠯ ᠳᠠᠬᠢ ᠦᠨᠳᠦᠰᠦᠲᠡᠨ ᠦ ᠦᠵᠡᠯ ᠨᠢ ᠤᠤᠭᠠᠯ ᠰᠤᠶᠤᠯ ᠢ ᠬᠠᠮᠠᠭᠠᠯᠠᠬᠤ ᠦᠵᠡᠯ ᠪᠡ ᠠᠮᠢ ᠠᠬᠤᠢ ᠶᠢ ᠬᠠᠮᠠᠭᠠᠯᠠᠬᠤ ᠦᠵᠡᠯ ᠪᠤᠯᠤᠨ ᠢᠯᠡᠷᠡᠵᠡᠢ᠃ ᠨᠢᠭᠡ ᠵᠠᠭᠤᠨ ᠤ ᠲᠤᠷᠰᠢᠬᠢ ᠮᠤᠨᠭᠭᠤᠯ ᠤᠷᠠᠨ ᠵᠤᠬᠢᠶᠠᠯ ᠪᠤᠯ ᠦᠨᠳᠦᠰᠦᠲᠡᠨ ᠦ ᠦᠵᠡᠯ ᠦᠨ ᠤᠷᠠᠨ ᠵᠤᠬᠢᠶᠠᠯ ᠪᠤᠯᠤᠨ᠎ᠠ᠃ ᠦᠨᠳᠦᠰᠦᠲᠡᠨ ᠦ ᠦᠵᠡᠯ᠂ ᠮᠤᠨᠭᠭᠤᠯ ᠤᠷᠠᠨ ᠵᠤᠬᠢᠶᠠᠯ ᠳᠤ ᠡᠶᠡᠷᠭᠦ ᠰᠦᠭᠡᠷᠭᠦ ᠬᠤᠶᠠᠷ ᠲᠠᠯ᠎ᠠ ᠶᠢᠨ ᠨᠦᠯᠦᠭᠡ ᠦᠭ᠍ᠭᠦᠭ᠍ᠰᠡᠨ᠍ ᠪᠠᠶᠢᠨ᠎ᠠ᠃ |