Paper Information


Title ᠰᠠᠩ ᠤᠨ ᠰᠢᠯᠦᠭ ᠲᠦ ᠬᠢ ᠮᠠᠭᠲᠠᠭᠠᠯ ᠤᠨ ᠤᠴᠢᠷ
Creator ᠲᠤ‍ · ᠵᠤᠷᠢᠭᠲᠤ
Keyword ᠰᠠᠩ ᠤᠨ ᠰᠢᠯᠦᠭ; ᠡᠵᠡᠳ ᠢ ᠪᠠᠶᠠᠷᠯᠠᠭᠤᠯᠬᠤ; ᠮᠠᠭᠲᠠᠭᠠᠯ ᠤᠨ ᠤᠴᠢᠷ
Abstract ᠮᠣᠩᠭᠤᠯ ᠦᠨᠳᠦᠰᠦᠲᠡᠨ ᠦ 《ᠰᠠᠩ ᠤᠨ ᠰᠢᠯᠦᠭ》 ᠨᠢ ᠮᠣᠩᠭᠤᠯᠴᠤᠳ ᠤᠨ ᠡᠷᠲᠡᠨ ᠦ ᠲᠠᠬᠢᠯᠭ᠎ᠠ ᠳᠠᠢᠯᠭ᠎ᠠ ᠶᠢᠨ ᠢᠷᠠᠭᠤ ᠨᠠᠢᠷᠠᠭ ᠪᠤᠯᠬᠤ ᠶᠤᠮ᠃ ᠲᠡᠷᠡ ᠨᠢ ᠲᠡᠭᠷᠢ ᠭᠠᠵᠠᠷ᠂ ᠠᠭᠤᠯᠠ ᠤᠰᠤ᠂ ᠪᠤᠭᠲᠠ ᠬᠦᠮᠦᠰ᠂ ᠠᠮᠢᠲᠠᠨ ᠤᠷᠭᠤᠮᠠᠯ ᠳᠤ ᠪᠦᠷ ᠡᠵᠡᠳ ᠲᠡᠢ ᠰᠠᠬᠢᠭᠤᠰᠤ ᠲᠠᠢ ᠬᠡᠮᠡᠨ ᠣᠢᠯᠠᠭᠠᠵᠤ ᠲᠡᠳᠡᠨ ᠢ ᠳᠠᠬᠢᠨ ᠳᠠᠢᠵᠤ ᠪᠠᠶᠠᠷᠯᠠᠭᠤᠯᠤᠨ ᠪᠠᠢᠵᠤ᠂ ᠬᠡᠰᠡᠭ ᠰᠤᠶᠤᠷᠬᠠᠯ ᠬᠦᠷᠲᠡᠭᠡᠬᠦ ᠶᠢ ᠬᠦᠰᠡᠭᠰᠡᠨ ᠰᠠᠨᠠᠭ᠎ᠠ ᠪᠠᠨ ᠢᠯᠡᠷᠡᠭᠦᠯᠦᠭᠰᠡᠨ ᠪᠠᠢᠳᠠᠭ᠃ ᠡᠨᠡ ᠰᠠᠨᠠᠭ᠎ᠠ ᠪᠠᠨ ᠢᠯᠡᠷᠡᠭᠦᠯᠬᠦ ᠡᠭᠦᠳᠡᠨ ᠡᠴᠡ ᠪᠤᠶᠤ ᠲᠡᠳᠡᠭᠡᠷ ᠦᠨ ᠡᠵᠡᠳ ᠢ ᠳᠠᠭᠤᠳᠠᠨ ᠢᠷᠡᠭᠦᠯᠵᠦ ᠪᠠᠶᠠᠷᠯᠠᠭᠤᠯᠬᠤ ᠶᠢᠨ ᠲᠤᠯᠠᠲᠠ ᠮᠠᠭᠲᠠᠨ ᠰᠠᠢᠰᠢᠶᠠᠭᠰᠠᠨ ᠮᠠᠭᠲᠠᠭᠠᠯ ᠤᠨ ᠴᠢᠨᠠᠷ ᠲᠠᠢ ᠦᠭᠡ ᠬᠡᠯᠡᠵᠦ᠂ ᠰᠡᠳᠬᠢᠯ ᠢ ᠨᠢ ᠣᠯᠵᠤ ᠠᠪᠬᠤ ᠨᠢ ᠴᠢᠬᠤᠯᠠᠲᠠᠢ ᠪᠠᠢᠯ᠎ᠠ᠃ ᠶᠠᠭ ᠡᠨᠡ ᠬᠦ ᠪᠤᠳᠤᠯ ᠰᠡᠳᠬᠢᠯ ᠡᠴᠡ ᠡᠭᠦᠰᠴᠦ ᠳᠡᠭᠡᠳᠦ ᠲᠡᠭᠷᠢ᠂ ᠪᠤᠭᠲᠠ ᠬᠦᠮᠦᠰ᠂ ᠠᠭᠤᠯᠠ ᠤᠰᠤᠨ᠂ ᠠᠮᠢᠲᠠᠨ ᠢ ᠮᠠᠭᠲᠠᠵᠤ ᠲᠠᠬᠢᠯᠭ᠎ᠠ ᠳᠠᠢᠯᠭ᠎ᠠ ᠬᠢᠵᠦ ᠡᠷᠭᠦᠴᠡ ᠪᠠᠢᠴᠠ ᠪᠠᠨ ᠡᠷᠭᠦᠳᠡᠭ ᠪᠠᠢᠭᠰᠠᠨ ᠪᠠᠢᠨ᠎ᠠ᠃
Original Literature No Original Paper
出自 西北民族大学学报 2015年 第1期

联系我们


内蒙古大学图书馆
呼和浩特市大学西路235号
中国·内蒙古
P: (0471) 4992561
E: huangfeilong@imu.edu.cn