Paper Information


Title ᠮᠣᠩ᠋ᠭᠤᠯᠴᠤᠳ ᠤᠨ ᠭᠡᠷ ᠪᠦᠯᠢ ᠶᠢᠨ ᠬᠦᠮᠦᠵᠢᠯ ᠪᠡ ᠠᠢ᠌ᠯ ᠤᠨ ᠬᠦᠮᠦᠵᠢᠯ ᠦᠨ ᠭᠡᠭᠡᠭ᠍ᠳᠡᠯ ᠡᠴᠡ ᠪᠤᠯᠤᠭᠰᠠᠨ ᠬᠦᠮᠦᠵᠢᠯ ᠦᠨ ᠬᠦᠴᠢᠷᠳᠡᠯ — ᠬᠡᠰᠢᠭᠲᠡᠨ ᠬᠤᠰᠢᠭᠤ ᠪᠠᠷ ᠵᠢᠱᠢᠶᠡᠯᠡᠬᠦ ᠨᠢ
Creator ᠦ‍᠂ ᠰᠠᠴᠤᠷᠠᠯᠲᠤ
Keyword ᠠᠢ᠌ᠯ ᠤᠨ ᠬᠦᠮᠦᠵᠢᠯ; ᠭᠡᠷ ᠦᠨ ᠬᠦᠮᠦᠵᠢᠯ; ᠶᠤᠰᠤ ᠰᠤᠷᠲᠠᠬᠤᠨ; ᠰᠡᠳᠬᠢᠭᠦᠢ ᠶᠢᠨ ᠡᠮᠵᠡᠭ
Abstract ᠠᠢ᠌ᠯ ᠤᠨ ᠬᠦᠮᠦᠵᠢᠯ ᠪᠡ ᠭᠡᠷ ᠦᠨ ᠬᠦᠮᠦᠵᠢᠯ ᠨᠢ ᠮᠣᠩ᠋ᠭᠤᠯ ᠦᠨᠳᠦᠰᠦᠲᠡᠨ ᠦ ᠰᠤᠶᠤᠯ ᠤᠨ ᠦᠪ ᠬᠦᠷᠦᠩᠭᠡ ᠶᠢᠨ ᠬᠤᠪᠢ ᠳᠤ ᠡᠷᠡᠭᠦᠯ ᠠᠮᠢᠳᠤᠷᠠᠬᠤ ᠵᠢᠮ᠎ᠡ ᠲᠢᠭᠯᠢᠮ ᠢ ᠲᠤᠭᠲᠠᠭᠠᠳᠠᠭ ᠠᠴᠠ ᠦᠨᠳᠦᠰᠦᠲᠡᠨ ᠦ ᠵᠠᠩ ᠰᠤᠷᠲᠠᠬᠤᠨ ᠤ ᠪᠦᠷᠢᠯᠳᠦᠬᠦ ᠳᠦ ᠣᠷᠤᠯᠠᠵᠤ ᠪᠤᠯᠤᠰᠢ ᠦᠭᠡᠢ ᠦᠪᠡᠷᠮᠢᠴᠡ ᠦᠷᠲᠡᠭ ᠲᠡᠢ ᠪᠠᠢ᠌ᠳᠠᠭ᠃ ᠬᠡᠰᠢᠭᠲᠡᠨ ᠬᠤᠰᠢᠭᠤ ᠪᠠᠷ ᠭᠤᠤᠯᠳᠠᠯᠭ᠎ᠠ ᠪᠤᠯᠭᠠᠭᠰᠠᠨ ᠬᠦᠳᠡᠭᠡ ᠶᠢᠨ ᠵᠠᠯᠠᠭᠤ ᠪᠠᠭᠠᠴᠤᠤᠯ ᠤᠨ ᠬᠦᠮᠦᠵᠢᠯ ᠦᠨ ᠲᠤᠬᠠᠢ ᠬᠡᠭᠡᠷ᠎ᠡ ᠶᠢᠨ ᠪᠠᠢ᠌ᠴᠠᠭᠠᠯᠲᠠ ᠪᠠᠷ ᠦᠵᠡᠬᠦ ᠳᠦ ᠂ ᠠᠢ᠌ᠯ ᠤᠨ ᠬᠦᠮᠦᠵᠢᠯ ᠪᠡ ᠭᠡᠷ ᠦᠨ ᠬᠦᠮᠦᠵᠢᠯ ᠦᠨ ᠭᠡᠭᠡᠭ᠍ᠳᠡᠯ ᠡᠴᠡ ᠪᠤᠯᠤᠭᠰᠠᠨ ᠶᠤᠰᠤ ᠰᠤᠷᠲᠠᠬᠤᠨ ᠤ ᠡᠪᠳᠡᠭᠳᠡᠯ ᠪᠡ ᠵᠠᠯᠠᠭᠤ ᠪᠠᠭᠠᠴᠤᠤᠯ ᠤᠨ ᠰᠡᠳᠬᠢᠭᠦᠢ ᠶᠢᠨ ᠡᠮᠵᠢᠭ᠌᠌ ᠦᠨ ᠢᠯᠡᠷᠡᠯ ᠨᠢ ᠬᠦᠳᠡᠭᠡ ᠲᠤᠰᠬᠤᠨ ᠤ ᠬᠦᠮᠦᠵᠢᠯ ᠦᠨ ᠬᠦᠴᠢᠷᠳᠡᠯ ᠦᠨ ᠴᠢᠬᠤᠯᠠ ᠰᠢᠯᠲᠠᠭᠠᠨ ᠪᠤᠯᠵᠤ᠂ ᠠᠢ᠌ᠯ ᠤᠨ ᠬᠦᠮᠦᠵᠢᠯ ᠪᠡ ᠭᠡᠷ ᠦᠨ ᠬᠦᠮᠦᠵᠢᠯ ᠢ ᠴᠢᠩ᠋ᠭᠠᠳᠬᠠᠬᠤ ᠨᠢ ᠣᠳᠤᠬᠠᠨ ᠤ ᠬᠦᠳᠡᠭᠡ ᠶᠢᠨ ᠮᠣᠩ᠋ᠭᠤᠯᠴᠤᠳ ᠤᠨ ᠬᠦᠮᠦᠵᠢᠯ ᠳᠡᠬᠢ ᠲᠤᠯᠭᠠᠮ᠎ᠠ ᠱᠠᠭᠠᠷᠳᠠᠯᠭ᠎ᠠ ᠪᠤᠯᠵᠤ ᠪᠤᠢ᠃
Original Literature View Original Paper
出自 中国蒙古学 2014年 第1期

联系我们


内蒙古大学图书馆
呼和浩特市大学西路235号
中国·内蒙古
P: (0471) 4992561
E: huangfeilong@imu.edu.cn