Title |
ᠨᠠᠢᠳᠡᠯᠢᠭ᠌ ᠲᠠᠯ᠎ᠠ ᠭᠠᠵᠠᠷ ᠤᠷᠴᠢᠮ ᠤᠨ 50 ᠵᠢᠯ ᠤᠨ ᠠᠭᠤᠷ ᠠᠮᠢᠰᠬᠤᠯ ᠤᠨ ᠬᠤᠪᠢᠷᠠᠯᠳᠠ |
Creator |
ᠰᠡᠴᠡᠨᠪᠢᠯᠢᠭ᠌; ᠪᠠᠢ ᠰᠢᠤᠸᠠᠢ ᠮᠧᠢ |
Keyword |
ᠨᠠᠢᠳᠡᠯᠢᠭ ᠲᠠᠯ᠎ᠠ ᠭᠠᠵᠠᠷ; ᠠᠭᠤᠷ ᠠᠮᠢᠰᠭᠤᠯ ᠤᠨ ᠬᠤᠪᠢᠷᠠᠯᠳᠠ; ᠠᠭᠠᠷ ᠤᠨ ᠲᠤᠯᠠᠭᠠᠨ; ᠲᠤᠨᠳᠠᠰᠤ |
Abstract |
ᠨᠠᠢᠳᠡᠯᠢᠭ ᠲᠠᠯ᠎ᠠ ᠭᠠᠵᠠᠷ ᠤᠨ ᠠᠪᠠᠭ᠎ᠠ ᠬᠤᠰᠢᠭᠤ᠂ ᠰᠢᠯᠢ ᠶᠢᠨ ᠬᠤᠳᠠ᠂ ᠰᠢᠯᠦᠭᠤᠨ ᠬᠦᠭᠡ ᠬᠤᠰᠢᠭᠤ ᠪᠠ ᠰᠢᠯᠤᠭᠤᠨ ᠴᠠᠭᠠᠨ ᠬᠤᠰᠢᠭᠤ ᠵᠠᠷᠭᠡ 4 ᠭᠠᠵᠠᠷ ᠤᠨ ᠴᠠᠭ ᠠᠭᠤᠷ ᠤᠨ ᠦᠷᠳᠡᠭᠡᠨ ᠤ 1963~2013ᠤᠨ ᠤ ᠬᠤᠭᠤᠷᠤᠨᠳᠤᠬᠢ ᠠᠭᠤᠷ ᠠᠮᠢᠰᠬᠤᠯ ᠤᠨ ᠮᠠᠲ᠋ᠸᠷᠢᠶᠠᠯ ᠢ ᠠᠰᠢᠭᠯᠠᠵᠦ᠂ ᠱᠤᠭᠤᠮᠯᠢᠭ ᠬᠠᠵᠠᠢᠯᠳᠠ ᠶᠢᠨ ᠲᠦᠰᠦᠯ᠂Mann-Kendall ᠪᠦᠷᠢᠳᠭᠡᠯ ᠤᠨ ᠠᠷᠭ᠎ᠠ ᠵᠠᠷᠭᠡ ᠵᠢ ᠬᠡᠷᠡᠭᠯᠡᠨ ᠲᠤᠬᠠᠢ ᠶᠢᠨ ᠭᠠᠵᠠᠷ ᠤᠨ ᠤᠷᠴᠢᠮ ᠤᠨ 50 ᠵᠢᠯ ᠤᠨ ᠲᠤᠮᠳᠠᠴᠢ ᠠᠭᠤᠷ ᠠᠮᠢᠰᠭᠤᠯ ᠤᠨ ᠬᠤᠪᠢᠷᠠᠯᠳᠠ ᠶᠢᠨ ᠤᠨᠴᠠᠯᠢᠭ ᠵᠢᠴᠢ ᠵᠢᠮ᠎ᠠ ᠬᠠᠤᠯᠢ ᠵᠢ ᠲᠤᠳᠤᠷᠬᠠᠢᠯᠠᠪᠠ᠃ ᠡᠬᠦᠨ ᠤ ᠦᠷ᠎ᠡ ᠳ᠋ᠦᠩ ᠳ᠋ᠤ᠂ ᠲᠤᠬᠠᠢ ᠶᠢᠨ ᠭᠠᠵᠠᠷ ᠤᠨ ᠤᠷᠴᠢᠮ ᠤᠨ 50 ᠵᠢᠯ ᠤᠨ ᠲᠤᠮᠳᠠᠴᠢ ᠠᠭᠠᠷ ᠤᠨ ᠲᠤᠯᠠᠭᠠᠨ ᠲᠡᠭᠡᠭ᠍ᠰᠢᠯᠡᠬᠦ ᠬᠤᠪᠢᠷᠠᠯᠳᠠ ᠶᠢᠨ ᠬᠤᠷᠳᠤᠴᠡ ᠨᠢ0.48℃/10a,20 ᠳ᠋ᠤᠭᠠᠷ ᠵᠠᠭᠤᠨ ᠤ ᠨᠠᠶᠠᠭᠠᠳ ᠤᠨ ᠤ ᠲᠤᠮᠳᠠᠴᠢ ᠡᠴᠨ ᠡᠬᠢᠯᠡᠨ ᠠᠭᠠᠷ ᠤᠨ ᠲᠤᠯᠠᠭᠠᠨ ᠨᠡᠩ ᠲᠦᠷᠭᠡᠨ ᠨᠡᠮᠡᠭᠳᠡᠬᠦ ᠪᠤᠯᠵᠡᠢ᠃ ᠲᠤᠨᠳᠠᠰᠤᠨ ᠤ ᠬᠤᠪᠢᠷᠠᠯᠳᠠ ᠵᠢᠭᠠᠬᠠᠨ ᠲᠤᠷᠤᠭᠰᠢᠯᠠᠬᠤ ᠬᠠᠨᠳᠤᠰᠢ ᠲᠠᠢ᠂ ᠬᠤᠪᠢᠷᠠᠯᠳᠠ ᠶᠢᠨ ᠬᠤᠷᠳᠤᠴᠠ ᠲᠤᠷᠤᠭᠰᠢᠯᠠᠬᠤ ᠬᠠᠨᠳᠤᠰᠢ ᠲᠠᠢ᠂ ᠬᠤᠪᠢᠷᠠᠯᠳᠠ ᠶᠢᠨ ᠬᠤᠷᠳᠤᠴᠡ ᠨᠢ-11.2mm/10a᠃ ᠠᠭᠠᠷ ᠤᠨ ᠲᠤᠯᠠᠭᠠᠨ ᠪᠠ ᠲᠤᠨᠳᠠᠰᠤ ᠦᠨᠳᠤᠰᠤᠨ ᠳ᠋ᠡᠭᠡᠨ ᠰᠦᠭᠡᠷᠬᠦ ᠬᠠᠷᠢᠴᠠᠭ᠎ᠠ ᠲᠠᠢ᠂ ᠲᠠᠷᠤᠢ ᠠᠭᠠᠷ ᠤᠨ ᠲᠤᠯᠠᠭᠠᠨ ᠤ ᠲᠡᠭᠡᠭ᠍ᠰᠢᠯᠡᠬᠦ ᠵᠢ ᠲᠠᠭᠠᠯᠳᠤᠨ ᠲᠤᠨᠳᠠᠰᠤᠨ ᠤ ᠬᠡᠮᠵᠢᠶ᠎ᠡ ᠪᠠᠭᠠᠰᠤᠨ᠎ᠠ᠃ ᠡᠢ᠋ᠮᠦ ᠡᠴᠨ᠂ ᠲᠤᠰ ᠭᠠᠵᠠᠷ ᠤᠨ ᠠᠭᠤᠷ ᠠᠮᠢᠰᠬᠤᠯ ᠬᠠᠭᠤᠷᠠᠢ ᠲᠤᠯᠠᠭᠠᠨ ᠪᠤᠯᠬᠤ ᠬᠠᠨᠳᠤᠰᠢ ᠲᠠᠢ᠃ |
Original Literature |
View Original Paper
|
出自 |
内蒙古民族大学学报(自然科学)
2016年
第1期
|