Paper Information


Title ᠮᠣᠩᠭ᠋ᠤᠯ ᠤᠷᠠᠨ ᠵᠣᠬᠢᠶᠠᠯ ᠰᠣᠳᠤᠯᠭᠠᠨ ᠤ ᠲᠡᠦᠬᠡᠨ ᠵᠠᠮᠨᠠᠯ ᠵᠢᠴᠢ ᠬᠦᠭ᠍ᠵᠢᠯ ᠤᠨ ᠠᠰᠠᠭᠤᠳᠠᠯ
Creator ᠪᠡ‍·ᠰᠦᠬᠡ
Keyword ᠮᠣᠩᠭ᠋ᠤᠯ ᠤᠷᠠᠨ ᠵᠣᠬᠢᠶᠠᠯ; ᠰᠣᠳᠤᠯᠭᠠᠨ ᠤ ᠲᠡᠦᠬᠡ; ᠰᠣᠳᠤᠯᠭᠠᠨ ᠤ《ᠰᠢᠨ᠌ ᠡ》ᠲᠡᠪᠡᠯᠲᠡ; ᠰᠦᠪᠡᠭ᠍ᠴᠢᠯᠡᠨ ᠰᠣᠳᠤᠯᠬᠤ
Abstract ᠮᠣᠩᠭ᠋ᠤᠯ ᠤᠷᠠᠨ ᠵᠣᠬᠢᠶᠠᠯ ᠰᠣᠳᠤᠯᠭᠠᠨ ᠨᠢ ᠮᠣᠩᠭ᠋ᠤᠯ ᠰᠣᠳᠤᠯᠤᠯ ᠤᠨ ᠴᠢᠬᠤᠯᠠ ᠨᠢᠭᠡᠨ ᠰᠠᠯᠪᠤᠷᠢ ᠪᠣᠯᠤᠭᠰᠠᠨ ᠤ ᠬᠣᠪᠢ ᠳᠤ᠂ ᠲᠡᠷᠡ ᠨᠢ ᠮᠦᠨ ᠣᠯᠠᠨ ᠵᠠᠭᠤᠨ ᠵᠢᠯ ᠤᠨ ᠲᠡᠦᠬᠡ ᠲᠠᠢ ᠪᠠᠶᠢᠬᠤ ᠨᠢ ᠮᠡᠳᠡᠭᠡᠵᠢ ᠪᠢᠯᠡ᠃ ᠲᠡᠷᠡ ᠨᠢ ᠦᠭᠡᠢ ᠪᠠᠶᠢᠭᠰᠠᠨ ᠡᠴᠡ ᠪᠡᠨ ᠠᠯᠳᠠᠭ ᠤᠨᠤᠭ ᠮᠠᠷ ᠰᠠᠷ ᠰᠣᠳᠤᠯᠭᠠᠨ ᠪᠣᠢ ᠪᠣᠯᠵᠤ᠂ ᠠᠯᠳᠠᠭ ᠤᠨᠤᠭ ᠮᠠᠷ ᠰᠠᠷ ᠰᠣᠳᠤᠯᠭᠠᠨ ᠡᠴᠡ ᠪᠡᠨ ᠠᠭᠠᠵᠢᠮ ᠵᠢᠡᠷ ᠦᠨᠦᠳᠦᠷ ᠤᠨ ᠰᠢᠭ᠌ ᠨᠡᠯᠢᠶᠡᠳ ᠰᠢᠰᠲ᠋ᠸᠮᠵᠢᠭᠰᠡᠨ ᠰᠣᠳᠤᠯᠭᠠᠨ ᠪᠣᠯᠤᠨ ᠬᠦᠭ᠍ᠵᠢᠨ ᠢᠷᠡᠭᠰᠡᠨ ᠶᠤᠮ᠃ 21 ᠳ᠋ᠤᠭᠡᠷ ᠵᠠᠭᠤᠨ ᠳᠤ ᠣᠷᠤᠭᠰᠠᠨ ᠦᠨᠦᠳᠦᠷ᠂ ᠪᠢᠳᠡ ᠮᠣᠩᠭ᠋ᠤᠯ ᠤᠷᠠᠨ ᠵᠣᠬᠢᠶᠠᠯ ᠤᠨ ᠰᠣᠳᠤᠯᠭᠠᠨ ᠤ《ᠰᠢᠨ᠌ ᠡ》ᠳᠡᠪᠡᠯᠲᠡ ᠵᠢ ᠭᠠᠷᠭᠠᠬᠤ ᠭᠡᠪᠡᠯ᠂ ᠬᠠᠮᠤᠭ ᠲᠡᠷᠢᠭᠦᠨ ᠳᠤ᠂ ᠮᠣᠩᠭ᠋ᠤᠯ ᠤᠷᠠᠨ ᠵᠣᠬᠢᠶᠠᠯ ᠤᠨ ᠰᠣᠳᠤᠯᠭᠠᠨ ᠤ ᠤᠷᠢᠳᠠᠯ ᠨᠦᠭᠦᠴᠡᠯ — ᠮᠠᠲ᠋ᠸᠷᠢᠶᠠᠯ ᠰᠣᠷᠪᠤᠯᠵᠢ ᠪᠢᠴᠢᠭ᠌ ᠢ《ᠰᠢᠨ᠌ ᠡ》 ᠪᠡᠷ ᠢᠯᠡᠷᠡᠭᠦᠯᠬᠦ ᠬᠡᠷᠡᠭᠲᠡᠢ; ᠳᠠᠷᠠᠭ᠋ ᠠ ᠳ᠋ᠤᠨᠢ᠂ ᠡᠷᠬᠡᠪᠰᠢ ᠰᠣᠳᠤᠯᠭᠠᠨ ᠤ ᠰᠡᠳᠬᠢᠬᠦᠢ᠂ ᠠᠷᠭ᠋ ᠠ ᠵᠦᠢ ᠵᠢᠨ ᠲᠠᠯ ᠠ ᠪᠡᠷ《ᠰᠢᠨ᠌ ᠡ》 ᠵᠢ ᠡᠭᠦᠳᠬᠦ ᠬᠡᠷᠡᠭᠲᠡᠢ; ᠳᠠᠬᠢᠪᠠᠯ᠂ ᠦᠩᠭᠡᠷᠡᠭᠰᠡᠨ ᠤ ᠮᠣᠩᠭ᠋ᠤᠯ ᠤᠷᠠᠨ ᠵᠣᠬᠢᠶᠠᠯ ᠤᠨ ᠰᠣᠳᠤᠯᠭᠠᠨ ᠤ ᠲᠡᠦᠬᠡ ᠵᠢ ᠰᠢᠰᠲ᠋ᠸᠮ ᠲᠠᠢ ᠰᠣᠳᠤᠯᠵᠤ᠂ ᠰᠣᠳᠤᠯᠭᠠᠨ ᠤ ᠣᠨᠤᠰᠢ ᠠᠯᠳᠠᠰᠢ ᠪᠡᠨ ᠰᠠᠶᠢᠲᠤᠷ ᠳ᠋ᠦᠩᠨᠡᠵᠦ᠂ ᠰᠣᠳᠤᠯᠭᠠᠨ ᠤ《ᠰᠢᠨ᠌ ᠡ》 ᠵᠢ ᠡᠭᠦᠳᠬᠦ ᠴᠢᠬᠤᠯᠲᠠᠢ ᠪᠠᠶᠢᠨ᠌ ᠡ᠋᠃
Original Literature View Original Paper
出自 内蒙古民族大学学报(社会科学) 2006年 第4期

联系我们


内蒙古大学图书馆
呼和浩特市大学西路235号
中国·内蒙古
P: (0471) 4992561
E: huangfeilong@imu.edu.cn