Paper Information


Title ᠮᠦᠽᠸᠢ ᠶᠢᠨ ᠲᠡᠯᠭᠡᠨ ᠦᠵᠡᠭᠦᠯᠭᠡ ᠵᠢ ᠰᠣᠶᠣᠯ ᠬᠦᠮᠦᠨ ᠵᠦᠢ ᠶᠢᠨ ᠬᠢᠴᠢᠶᠡᠯ ᠬᠦᠮᠦᠵᠢᠯ ᠳ᠋ᠤ ᠭᠡᠷᠬᠢᠨ ᠠᠰᠢᠭᠯᠠᠬᠤ ᠲᠣᠬᠠᠢ
Creator ᠦᠮᠦᠬᠤᠸᠠᠷ
Keyword ᠮᠦᠽᠸᠢ; ᠬᠦᠮᠦᠨ ᠵᠦᠢ; ᠶᠡᠬᠡ ᠲᠡᠭᠡᠳᠦ ᠰᠤᠷᠭᠠᠭᠤᠯᠢ;ᠬᠢᠴᠢᠶᠡᠯ ᠬᠦᠮᠦᠵᠢᠯ
Abstract ᠰᠣᠶᠣᠯ ᠬᠦᠮᠦᠨ ᠵᠦᠢ ᠶᠢᠨ ᠰᠣᠳᠤᠯᠭᠠᠨ ᠨᠢ ᠬᠦᠮᠦᠨ ᠲᠦᠷᠦᠯᠬᠢᠲᠡᠨ ᠤ ᠰᠣᠶᠣᠯ ᠤᠨ ᠦᠵᠡᠭᠳᠡᠯ ᠢ ᠭᠤᠤᠯᠯᠠᠨ ᠰᠣᠳᠤᠯᠵᠤ᠂ ᠬᠦᠮᠦᠨ ᠲᠦᠷᠦᠯᠬᠢᠲᠡᠨ ᠤ ᠰᠣᠶᠣᠯ ᠤᠨ ᠤᠯᠠ ᠮᠦᠷ ᠢ ᠭᠡᠷᠡᠴᠢᠯᠡᠨ ᠬᠠᠷᠠᠭᠤᠯᠵᠤ ᠪᠠᠢᠭ᠎ᠠ ᠬᠦᠮᠦᠰ ᠤᠨ ᠠᠮᠢᠳᠤᠷᠠᠯ ᠦᠢᠯᠡᠳᠪᠦᠷᠢᠯᠡᠯ ᠲᠠᠢ ᠨᠢᠭᠲᠠ ᠪᠠᠷᠢᠯᠳᠤᠯᠭ᠎ᠠ ᠪᠦᠬᠦᠢ ᠪᠣᠳᠠᠰ ᠤᠨ ᠴᠣᠭᠯᠠᠭᠤᠯᠭ᠎ᠠ ᠵᠢ ᠴᠦ ᠣᠨᠴᠠ ᠠᠩᠬᠠᠷᠤᠯ ᠳ᠋ᠠᠭᠠᠨ ᠠᠪᠳᠠᠭ ᠤᠴᠢᠷ᠂ ᠬᠦᠮᠦᠰ ᠲᠡᠭᠦᠨ ᠳ᠋ᠤ ᠵᠣᠷᠢᠭᠤᠯᠤᠨ ᠡᠯ ᠠ ᠲᠦᠷᠦᠯ ᠤᠨ ᠰᠣᠶᠣᠯ ᠵᠠᠩ ᠵᠠᠩᠰᠢᠯ ᠤᠨ ᠮᠦᠽᠸᠢ ᠵᠢ ᠪᠠᠢᠭᠤᠯᠪᠠ᠃ ᠬᠦᠮᠦᠨ ᠲᠦᠷᠦᠯᠬᠢᠳᠡᠨ ᠤ ᠰᠣᠶᠣᠯ ᠤᠨ ᠴᠢᠬᠤᠯᠠ ᠪᠦᠡᠷᠢᠯᠳᠦᠬᠦᠨ ᠪᠣᠯᠬᠤ ᠪᠣᠳᠠᠰ ᠤᠨ ᠰᠣᠶᠣᠯ ᠢ ᠴᠣᠭᠯᠠᠭᠤᠯᠤᠨ ᠰᠣᠳᠤᠯᠬᠤ ᠨᠢᠪᠦᠬᠦᠢᠯᠡ ᠬᠦᠮᠦᠨ ᠲᠦᠷᠦᠯᠬᠢᠲᠡᠨ ᠤ ᠰᠣᠶᠣᠯ ᠤᠨ ᠭᠦᠭᠵᠢᠯ ᠤᠯᠠᠷᠢᠯ ᠤᠨ ᠵᠢᠮ ᠠ ᠬᠠᠤᠯᠢ ᠵᠢ ᠮᠦᠷᠳᠡᠬᠦ ᠳ᠋ᠤ ᠴᠢᠬᠤᠯᠠ ᠦᠷ ᠡ ᠨᠦᠯᠦᠭ ᠡᠦᠵᠡᠭᠦᠯᠵᠦ ᠪᠠᠢᠳᠠᠭ᠃ ᠣᠳᠣ ᠳ᠋ᠤ ᠪᠣᠳᠠᠰ ᠤᠨ ᠰᠣᠶᠣᠯ ᠤᠨ ᠰᠣᠳᠤᠯᠭᠠᠨ ᠤ ᠭᠤᠤᠯ ᠢᠯᠡᠷᠡᠯ ᠤᠨ ᠬᠡᠯᠪᠡᠷᠢ ᠶᠢᠨ ᠨᠢᠭᠡ ᠨᠢ ᠲᠠᠷᠤᠢ ᠪᠣᠳᠠᠰ ᠤᠨ ᠴᠤᠭᠯᠠᠭᠤᠯᠭ᠎ᠠ ᠵᠢᠴᠢ ᠲᠡᠯᠭᠡᠨ ᠦᠵᠡᠭᠦᠯᠦᠯᠭᠡ ᠶᠢᠨ ᠦᠪᠡᠷᠮᠢᠴᠡ ᠣᠨᠴᠠᠯᠢᠭ ᠢ ᠬᠤᠷᠢᠶᠠᠩᠭᠤᠢᠯᠠᠨᠳᠦᠩᠨᠡᠭᠰᠡᠨ ᠰᠠᠭᠤᠷᠢᠨ ᠲᠡᠭᠡᠷ ᠡ᠂ ᠶᠡᠬᠡ ᠲᠡᠭᠡᠳᠦ ᠰᠤᠷᠭᠠᠭᠤᠯᠢ ᠡᠴᠡ ᠤᠶᠤᠲᠠᠳ ᠤᠨ ᠬᠢᠴᠢᠶᠡᠯ ᠬᠦᠮᠦᠵᠢᠯ ᠳ᠋ᠤ ᠬᠡᠷᠬᠢᠨ ᠮᠦᠽᠸᠢ ᠶᠢᠨ ᠲᠡᠯᠭᠡᠨ ᠦᠵᠡᠭᠦᠯᠭ ᠡᠵᠢ ᠠᠰᠢᠭᠯᠠᠵᠤ᠂ ᠲᠡᠭᠡᠦ ᠰᠤᠷᠭᠠᠭᠤᠯᠢ ᠶᠢᠨ ᠬᠦᠮᠦᠨ ᠵᠦᠢ ᠶᠢᠨ ᠮᠦᠽᠸᠢ ᠶᠢᠨ ᠰᠣᠳᠤᠯᠭᠠᠨ ᠪᠠ ᠬᠢᠴᠢᠶᠡᠯ ᠬᠦᠮᠦᠵᠢᠯ ᠤᠨ ᠬᠤᠤᠰ ᠡᠭᠡᠷᠭᠡ ᠵᠢ ᠵᠣᠬᠢᠴᠠᠭᠤᠯᠬᠤ ᠲᠣᠬᠠᠢ ᠦᠭᠦᠯᠡᠪᠡ᠃
Original Literature View Original Paper
出自 内蒙古师范大学学报 2013年 第3期

联系我们


内蒙古大学图书馆
呼和浩特市大学西路235号
中国·内蒙古
P: (0471) 4992561
E: huangfeilong@imu.edu.cn