Paper Information


Title ᠬᠡᠯᠡᠨ ᠦ ᠤᠢ᠌ᠷᠠᠳᠤᠯᠴᠠᠭᠠᠨ ᠡᠴᠡ ᠬᠡᠯᠡᠨ ᠦ ᠬᠦᠭ᠍ᠵᠢᠯᠳᠡ ᠳᠤ ᠦᠵᠡᠬᠦᠯᠭᠦ ᠠᠬᠢᠭᠤᠯᠬᠤ ᠦᠢᠯᠡᠳᠦᠯ ᠪᠠ ᠤᠳᠠᠭᠠᠰᠢᠷᠠᠭᠤᠯᠬᠤ ᠦᠢᠯᠡᠳᠦᠯ ᠤᠨ ᠲᠤᠬᠠᠢ ᠠᠵᠢᠭᠯᠠᠯᠲᠠ
Creator ᠪᠤᠤ ᠰᠠᠷᠡᠨ
Keyword ᠬᠡᠯᠡᠨ ᠦ ᠤᠢ᠌ᠷᠠᠳᠤᠯᠴᠠᠭ᠎ᠠ ; ᠳ᠋ᠦᠩᠰᠢᠶᠠᠩ ᠬᠡᠯᠡ ; ᠬᠢᠲᠠᠳ ᠬᠡᠯᠡ
Abstract ᠬᠡᠯᠡᠨ ᠦ ᠤᠢ᠌ᠷᠠᠳᠤᠯᠴᠠᠭᠠᠨ ᠳᠤ ᠨᠢᠭᠡ ᠬᠡᠯᠡ ᠨᠢ ᠨᠦᠭᠦᠬᠡ ᠬᠡᠯᠡᠨ ᠦ ᠠᠪᠢᠶᠠᠨ ᠦ ᠬᠦᠭ᠍ᠵᠢᠯᠳᠡ ᠳᠤ ᠠᠬᠢᠭᠤᠯᠬᠤ ᠦᠢᠯᠡᠳᠦᠯ ᠪᠠ ᠤᠳᠠᠭᠠᠰᠢᠷᠠᠭᠤᠯᠬᠤ ᠦᠢᠯᠡᠳᠦᠯ ᠬᠡᠭᠦ ᠬᠤᠶᠠᠷ ᠵᠦᠢᠯ ᠤᠨ ᠦᠢᠯᠡᠳᠦᠯ ᠦᠵᠡᠭᠦᠯᠳᠡᠭ᠃ ᠠᠬᠢᠭᠤᠯᠬᠤ ᠦᠢᠯᠡᠳᠦᠯ ᠡᠴᠡ ᠪᠤᠯᠵᠤ ᠨᠢᠭᠡ ᠬᠡᠯᠡᠨ ᠦ ᠠᠪᠢᠶᠠᠨ ᠦ ᠰᠢᠰᠲ᠋ᠸᠮ ᠳᠤᠨᠢ ᠦᠪᠡᠷ ᠤᠨ ᠲᠤᠳᠤᠭᠠᠳᠤ ᠶᠢᠨ ᠬᠦᠭ᠍ᠵᠢᠯ ᠤᠨ ᠵᠢᠮ ᠡ ᠬᠠᠤᠯᠢ ᠲᠠᠢ ᠨᠡᠢ᠌ᠴᠡᠬᠦ ᠦᠭᠡᠢ ᠰᠢᠨ᠎ᠡ ᠰᠢᠨ᠎ᠡ ᠤᠨᠴᠠᠭᠠᠢ ᠠᠪᠢᠶᠠᠨ ᠦ ᠤᠨᠴᠠᠯᠢᠭ ᠪᠤᠢ ᠪᠤᠯᠵᠤ᠂ ᠴᠢᠨᠠᠭᠰᠢᠯᠠᠨ ᠠᠪᠢᠶᠠᠨ  ᠦ ᠪᠦᠳᠦᠴᠡ ᠨᠢ ᠰᠢᠰᠲ᠋ᠸᠮ ᠲᠠᠢ ᠪᠡᠷ ᠬᠤᠪᠢᠷᠠᠯᠲᠠ ᠭᠠᠷᠴᠤ ᠮᠡᠳᠡᠨ᠎ᠡ᠃ ᠤᠳᠠᠭᠠᠰᠢᠷᠠᠭᠤᠯᠬᠤ ᠦᠢᠯᠡᠳᠦᠯ ᠨᠢ ᠠᠪᠢᠶᠠᠨ ᠦ ᠤᠤᠯ ᠤᠨ ᠤᠨᠴᠠᠯᠢᠭ ᠢ ᠪᠠᠳᠤᠳᠬᠠᠵᠤ᠂ ᠬᠤᠪᠢᠷᠠᠬᠤ ᠬᠠᠨᠳᠦᠰᠢ ᠲᠠᠢ ᠶᠠᠮᠠᠷ ᠨᠢᠭᠡᠨ ᠲᠤᠭᠳᠠᠭᠤᠨ ᠪᠤᠰᠤ ᠠᠪᠢᠶᠠᠨ ᠦ ᠪᠦᠷᠢᠯᠳᠦᠭᠦᠨ ᠦ ᠴᠢᠨᠠᠭᠰᠢᠳᠠ ᠬᠤᠪᠢᠷᠠᠨ ᠬᠦᠭ᠍ᠵᠢᠬᠦ ᠶᠢ ᠤᠳᠠᠭᠠᠰᠢᠷᠠᠭᠤᠯᠤᠨ ᠳᠡᠳᠡᠭᠡᠷ ᠠᠪᠢᠶᠠᠨ ᠦ ᠤᠨᠴᠠᠯᠢᠭ  ᠤᠨ ᠤᠷᠳᠤ ᠬᠤᠭᠤᠴᠠᠭ᠎ᠠ ᠪᠡᠷ ᠬᠠᠳᠠᠭᠠᠯᠠᠭᠳᠠᠬᠤ ᠶᠢ ᠪᠠᠳᠤᠯᠠᠵᠤ ᠴᠢᠳᠠᠨ᠎ᠠ᠃ ᠳᠤᠰ ᠦᠭᠦᠯᠡᠯ ᠳᠤ ᠳ᠋ᠦᠨᠰᠢᠶᠠᠩ ᠬᠡᠯᠡ ᠪᠠ ᠬᠢᠲᠠᠳ ᠬᠡᠯᠡᠨ ᠦ ᠤᠢᠷᠠᠳᠤᠯᠴᠠᠭ᠎ᠠ ᠪᠠᠷ ᠵᠢᠱᠢᠶᠡᠯᠡᠨ ᠡᠨᠡ ᠬᠦ ᠬᠤᠶᠠᠷ ᠦᠢᠯᠡᠳᠦᠯ ᠢ ᠵᠠᠳᠠᠯᠤᠨ ᠰᠢᠨᠵᠢᠯᠡᠭᠰᠡᠨ ᠪᠠᠢ᠌ᠨ᠎ᠠ᠃ 
Original Literature View Original Paper
出自 内蒙古大学学报 2008年 第1期

联系我们


内蒙古大学图书馆
呼和浩特市大学西路235号
中国·内蒙古
P: (0471) 4992561
E: huangfeilong@imu.edu.cn