Paper Information


Title ᠮᠤᠨᠭᠭᠤᠯ ᠬᠡᠯᠡᠨ ᠦ ᠨᠡᠷ᠎ᠡ ᠦᠭᠡ ᠶᠢᠨ ᠰᠡᠳᠬᠢᠯᠭᠡ ᠶᠢᠨ ᠦᠩᠭᠡ ᠤᠳᠬ᠎ᠠ ᠶᠢᠨ ᠤᠴᠢᠷ
Creator ᠵ‍᠂ ᠪᠠᠲᠦᠭᠡᠷᠡᠯ
Keyword ᠨᠡᠷ᠎ᠡ ᠦᠭᠡ; ᠰᠡᠳᠬᠢᠯᠭᠡ ᠶᠢᠨ ᠦᠩᠭᠡ ᠤᠳᠬ᠎ᠠ; ᠲᠤᠭᠲᠠᠯᠴᠠᠭ᠎ᠠ
Abstract ᠬᠡᠯᠡ ᠪᠤᠯ ᠨᠢᠭᠡ ᠵᠤᠶᠢᠯ ᠤᠨ ᠳᠤᠬᠢᠶ᠎ᠠ ᠲᠡᠮᠳᠡᠭ ᠮᠦᠨ᠃ ᠬᠡᠯᠡᠨ ᠦ ᠳᠤᠬᠢᠳᠶ᠎ᠠ ᠲᠡᠮᠳᠡᠭ ᠨᠢ ᠰᠤᠷᠠᠭ ᠵᠠᠩᠭᠢ ᠶᠢᠨ ᠢᠯᠡᠳᠭᠡᠪᠦᠷᠢ ᠪᠤᠯᠤᠨ᠎ᠠ᠃ ᠬᠦᠮᠦᠰ ᠨᠡᠷ᠎ᠡ ᠦᠭᠡ ᠪᠡᠷ ᠪᠤᠰᠤᠳᠴᠢ ᠶᠢᠷᠲᠢᠨᠴᠦ ᠶᠢᠨ ᠬᠦᠮᠦᠨ ᠠᠮᠢᠲᠠᠨ᠂ ᠬᠡᠷᠡᠭ ᠪᠤᠳᠠᠰ᠂ ᠦᠵᠡᠭᠳᠡᠯ ᠢ ᠰᠢᠭᠤᠳ ᠨᠡᠷᠡᠶᠢᠳᠬᠦ ᠪᠤᠯᠪᠠᠴᠤ ᠦᠭᠦᠯᠡᠭᠴᠢ ᠪᠡ ᠰᠤᠨᠤᠰᠤᠭᠴᠢ ᠶᠢᠨ ᠬᠠᠷᠢᠯᠴᠠᠭᠠᠨ ᠳᠤ ᠵᠠᠷᠢᠮ ᠨᠡᠷ᠎ᠡ ᠦᠭᠡ ᠨᠢ ᠬᠦᠮᠦᠨ ᠠᠮᠢᠲᠠᠨ᠂ ᠬᠡᠷᠡᠭ ᠶᠠᠭᠤᠮ᠎ᠠ᠂ ᠦᠵᠡᠭᠳᠡᠯ ᠦᠨ ᠢᠯᠡᠳᠭᠡᠪᠦᠷᠢ ᠨᠢ ᠪᠤᠯᠵᠤ ᠢᠯᠡᠷᠡᠬᠦ ᠳᠡᠭᠡᠨ ᠬᠡᠯᠡᠨ ᠦ ᠤᠷᠴᠢᠨ ᠳᠠᠬᠢ ᠡᠯᠳᠡᠪ ᠵᠤᠶᠢᠯ ᠤᠨ ᠨᠦᠬᠦᠴᠡᠯ ᠰᠢᠯᠲᠠᠭᠠᠨ ᠠᠴᠠ ᠨᠢᠭᠡ ᠵᠤᠶᠢᠯ ᠤᠨ ᠬᠦᠨᠳᠦᠳᠭᠡᠯ᠂ ᠵᠢᠪᠡᠭᠦᠴᠡᠯ ᠦᠨ ᠦᠩᠭᠡ ᠳᠤᠰᠤᠭᠳᠠᠬᠤ ᠤᠴᠢᠷ ᠪᠤᠢ᠃ ᠡᠶᠢᠮᠦᠷᠬᠦ ᠨᠡᠷ᠎ᠡ ᠦᠭᠡ ᠶᠢᠨ ᠤᠶᠤᠨᠴᠢᠷ ᠤᠳᠬ᠎ᠠ ᠳᠡᠭᠡᠷ᠎ᠡ ᠳᠠᠭᠠᠯᠳᠤᠵᠤ ᠢᠯᠡᠷᠡᠬᠦ ᠲᠠᠭᠠᠰᠢᠶᠠᠯ᠂ ᠳᠠᠶᠢᠰᠢᠶᠠᠯ ᠤᠨ ᠤᠳᠬ᠎ᠠ ᠶᠢ ᠨᠡᠷ᠎ᠡ ᠦᠭᠡ ᠶᠢᠨ ᠦᠩᠭᠡ ᠤᠳᠬ᠎ᠠ ᠭᠡᠳᠡᠭ᠃ ᠡᠨᠳᠡ ᠨᠡᠷ᠎ᠡ ᠦᠭᠡ ᠶᠢᠨ ᠰᠡᠳᠬᠢᠯᠭᠡ ᠶᠢᠨ ᠦᠩᠭᠡ ᠤᠳᠬ᠎ᠠ ᠶᠢᠨ ᠬᠦᠨᠳᠦᠳᠭᠡᠯ᠂ ᠵᠢᠪᠡᠬᠦᠴᠡᠯ ᠦᠨ ᠤᠨᠴᠠᠯᠢᠭ ᠰᠢᠨᠵᠢ ᠵᠢᠴᠢ ᠬᠤᠪᠢᠷᠠᠯ ᠢ ᠵᠢᠱᠢᠶ᠎ᠡ ᠲᠠᠲᠠᠵᠤ ᠲᠤᠳᠤᠷᠬᠠᠶᠢᠯᠠᠬᠤ ᠪᠤᠯᠤᠨ᠎ᠠ᠃
Original Literature View Original Paper
出自 中国蒙古学 2010年 第4期

联系我们


内蒙古大学图书馆
呼和浩特市大学西路235号
中国·内蒙古
P: (0471) 4992561
E: huangfeilong@imu.edu.cn