Paper Information


Title ᠨᠠᠢᠮᠠᠨ ᠬᠤᠰᠢᠭᠤᠨ ᠤ ᠰᠦᠮ᠎ᠡ ᠬᠡᠶᠢᠳ ᠪᠤᠯᠤᠨ ᠮᠤᠨᠭᠭᠤᠯᠴᠤᠳ ᠦᠪᠡᠷ ᠢᠶᠡᠨ ᠵᠢᠷᠤᠵᠤ ᠲᠦᠯᠦᠪᠯᠡᠨ ᠪᠦᠲᠦᠭᠡᠵᠦ ᠪᠠᠶᠢᠭᠤᠯᠤᠭᠰᠠᠨ ᠳᠠᠴᠢᠨ ᠰᠦᠮ᠎ᠡ
Creator ᠪ‍᠂ ᠭᠡᠷᠡᠯᠲᠦ
Keyword ᠨᠠᠢᠮᠠᠨ ᠬᠤᠰᠢᠭᠤᠨ ᠤ ᠬᠤᠷᠢᠨ ᠳᠦᠷᠪᠡᠨ ᠰᠦᠮ᠎ᠡ; ᠮᠤᠨᠭᠭᠤᠯᠴᠤᠳ ᠤᠨ ᠦᠪᠡᠷᠰᠡᠳ ᠢᠶᠡᠨ ᠪᠠᠶᠢᠭᠤᠯᠤᠭᠰᠠᠨ ᠳᠠᠴᠢᠨ ᠰᠦᠮ᠎ᠡ; ᠭᠤᠷᠪᠠᠳᠤᠭᠠᠷ ᠳᠠᠯᠠᠢ ᠯᠠᠮᠠ ᠶᠢᠨ ᠳᠠᠭᠠᠯᠠᠯ ᠪᠤᠯᠤᠭᠰᠠᠨ ᠵᠢᠭᠠᠰᠤᠲᠠᠢ ᠨᠠᠭᠤᠷ ᠤᠨ ᠲᠤᠬᠠᠢ ᠳᠠᠭᠠᠮᠠᠭ
Abstract ᠲᠤᠰ ᠦᠭᠦᠯᠡᠯ ᠳᠦ ᠨᠠᠢᠮᠠᠨ ᠬᠤᠰᠢᠭᠤᠨ ᠤ ᠲᠡᠦᠬᠡᠨ ᠳᠡᠭᠡᠷ᠎ᠡ ᠪᠠᠶᠢᠭᠰᠠᠨ ᠬᠤᠷᠢᠨ ᠳᠦᠷᠪᠡᠨ ᠪᠤᠷᠬᠠᠨ ᠤ ᠱᠠᠰᠢᠨ ᠤ ᠰᠦᠮ᠎ᠡ ᠬᠡᠶᠢᠳ ᠪᠤᠯᠤᠨ ᠭᠤᠤᠯ ᠭᠤᠤᠯ ᠰᠦᠮ᠎ᠡ ᠨᠦᠬᠦᠳ ᠦᠨ ᠪᠠᠶᠢᠭᠤᠯᠤᠭᠳᠠᠵᠤ ᠡᠪᠳᠡᠷᠡᠭᠰᠡᠨ ᠤᠨ ᠵᠢᠯ ᠪᠠ ᠲᠡᠳᠡᠨ ᠦ ᠪᠠᠶᠢᠭᠤᠯᠤᠭᠳᠠᠭᠰᠠᠨ ᠨᠡᠶᠢᠭᠡᠮ ᠲᠡᠦᠬᠡ ᠶᠢᠨ ᠰᠢᠯᠲᠠᠭᠠᠨ ᠵᠢᠴᠢ ᠤᠨᠴᠠᠯᠢᠭ ᠤᠳ ᠢ ᠲᠤᠪᠴᠢ ᠲᠤᠰᠢᠶᠠᠪᠠ᠃ ᠢᠯᠠᠩ᠋ᠭᠤᠶ᠎ᠠ ᠳᠠᠴᠢᠨ ᠰᠦᠮ᠎ᠡ ᠶᠢᠨ ᠪᠠᠶᠢᠭᠤᠯᠤᠭᠳᠠᠭᠰᠠᠨ ᠠᠵᠤ ᠠᠬᠤᠶᠢᠯᠠᠯ ᠤᠨ ᠦᠨ᠎ᠡ ᠴᠠᠨ᠎ᠠ ᠠᠴᠢ ᠬᠤᠯᠪᠤᠭᠳᠠᠯ ᠢ ᠮᠤᠨᠭᠭᠤᠯ ᠦᠨᠳᠦᠰᠦᠲᠡᠨ ᠦ ᠪᠡᠶ᠎ᠡ ᠪᠡᠨ ᠳᠠᠭᠠᠭᠠᠵᠤ ᠪᠠᠷᠢᠯᠭ᠎ᠠ ᠶᠢᠨ ᠦᠢᠯᠡᠰ ᠡᠷᠬᠢᠯᠡᠭᠰᠡᠨ ᠪᠡ ᠰᠢᠨ᠎ᠡ ᠪᠡᠷ ᠡᠭᠦᠳᠦᠨ ᠪᠦᠲᠦᠭᠡᠭ᠍ᠰᠡᠨ ᠲᠡᠦᠬᠡᠲᠦ ᠭᠠᠪᠢᠶ᠎ᠠ ᠯᠤᠭ᠎ᠠ ᠬᠤᠯᠪᠤᠭᠳᠠᠭᠤᠯᠤᠨ ᠦᠭᠦᠯᠡᠵᠡᠢ᠃ ᠨᠠᠢᠮᠠᠨ ᠬᠤᠰᠢᠭᠤ ᠡᠮᠦᠨ᠎ᠡ ᠬᠤᠶᠢᠨ᠎ᠠ ᠬᠤᠶᠠᠷ ᠵᠠᠭᠤᠨ ᠵᠢᠯ ᠤᠨ ᠬᠤᠭᠤᠷᠤᠨᠳᠤ ᠬᠡᠳᠦᠨ ᠠᠷᠪᠠᠨ ᠰᠦᠮ ᠡ ᠬᠡᠶᠢᠳ ᠴᠤᠭᠴᠠᠯᠠᠨ ᠪᠦᠲᠦᠭᠡᠵᠦ ᠪᠤᠷᠬᠠᠨ ᠤ ᠱᠠᠰᠢᠨ ᠭᠠᠶᠢᠬᠠᠯᠲᠠᠢ ᠬᠦᠭ᠍ᠵᠢᠵᠦ ᠳᠡᠯᠭᠡᠷᠡᠭᠰᠡᠨ ᠪᠤᠯᠤᠨ ᠳᠠᠴᠢᠨ ᠰᠦᠮ᠎ᠡ ᠳᠦ 《ᠵᠠᠷᠯᠢᠭ ᠤᠨ ᠭᠡᠭᠡᠨ》ᠢᠯᠡᠷᠡᠨ ᠲᠤᠳᠤᠷᠠᠭᠰᠠᠨ ᠶᠠᠪᠤᠳᠠᠯ ᠢ ᠭᠤᠷᠪᠠᠳᠤᠭᠠᠷ ᠳᠠᠯᠠᠢ ᠯᠠᠮᠠ ᠰᠤᠳᠨᠠᠮᠵᠠᠮᠰᠤ ᠶᠢᠨ ᠨᠠᠢᠮᠠᠨ ᠬᠤᠰᠢᠭᠤᠨ ᠤ 《ᠵᠢᠭᠠᠰᠤᠲᠠᠢ》ᠭᠡᠰᠡᠨ ᠭᠠᠵᠠᠷ ᠳᠠᠭᠠᠯᠠᠯ ᠪᠤᠯᠤᠭᠰᠠᠨ ᠳᠠᠭᠠᠮᠠᠭ ᠯᠤᠭ᠎ᠠ ᠬᠤᠯᠪᠤᠵᠤ ᠶᠠᠷᠢᠬᠤ ᠶᠢ ᠬᠢᠴᠢᠶᠡᠪᠡ᠃
Original Literature View Original Paper
出自 内蒙古大学学报 2010年 第4期

联系我们


内蒙古大学图书馆
呼和浩特市大学西路235号
中国·内蒙古
P: (0471) 4992561
E: huangfeilong@imu.edu.cn