Paper Information


Title ᠪᠤᠳᠠ ᠪᠡᠶ᠎ᠡ ᠪᠡᠷ ᠢᠶᠡᠨ ᠤᠯᠤᠰ ᠢᠶᠠᠨ ᠬᠤᠳᠠᠯᠳᠤᠭᠴᠢ ᠦᠵᠡᠯ ᠮᠦᠨ — ᠲᠡᠦᠬᠡ ᠶᠢ ᠦᠭᠡᠷᠡᠲᠡᠭᠦᠯᠵᠦ᠂ ᠦᠨᠳᠦᠰᠦᠲᠡᠨ ᠦ ᠬᠠᠷᠢᠴᠠᠭ᠎ᠠ ᠶᠢ ᠵᠠᠪᠰᠠᠷᠳᠠᠭ᠋ᠤᠯᠵᠤ᠂ ᠤᠯᠤᠰ ᠠᠴᠠ ᠪᠠᠨ ᠤᠷᠪᠠᠨ ᠳᠠᠢᠰᠤᠨ ᠲᠠᠢ ᠰᠦᠯᠪᠡᠭᠡᠯᠳᠦᠭᠰᠡᠨ 《ᠳᠦᠷᠪᠡᠨ ᠬᠦᠮᠦᠨ ᠦ ᠪᠦᠯᠦᠭ》 ᠦᠨ ᠶᠠᠯᠠᠲᠤ ᠠᠵᠢᠯᠯᠠᠭ᠎ᠠ ᠶᠢ ᠪᠤᠷᠤᠭ᠋ᠤᠰᠢᠶᠠᠨ ᠰᠢᠭᠦᠮᠵᠢᠯᠡᠬᠦ ᠨᠢ
Creator ᠮᠣᠩᠭᠤᠯ ᠲᠡᠦᠬᠡ ᠰᠤᠳᠤᠯᠬᠤ ᠲᠠᠰᠤᠭ
Keyword 《ᠳᠦᠷᠪᠡᠨ ᠬᠦᠮᠦᠨ ᠦ ᠪᠦᠯᠦᠭ》 ᠦᠨ ᠶᠠᠯᠠᠲᠤ ᠠᠵᠢᠯᠯᠠᠭ᠎ᠠ; ᠪᠤᠷᠤᠭᠤᠰᠢᠶᠠᠨ ᠰᠢᠭᠦᠮᠵᠢᠯᠡᠬᠦ; ᠲᠡᠦᠬᠡ ᠶᠢ ᠦᠭᠡᠷᠡᠲᠡᠭᠦᠯᠬᠦ; ᠦᠨᠳᠦᠰᠦᠲᠡᠨ ᠦ ᠬᠠᠷᠢᠴᠠᠭ᠎ᠠ ᠶᠢ ᠵᠠᠪᠰᠠᠷᠲᠠᠭᠤᠯᠵᠤ
Abstract ᠨᠠᠮ ᠢ ᠡᠰᠡᠷᠭᠦᠴᠡᠭᠰᠡᠨ ᠸᠠᠩ ᠬᠤᠩ ᠸᠧᠨ᠂ ᠵᠠᠩ ᠴᠦᠨ ᠴᠢᠶᠤᠤ᠂ ᠵᠢᠶᠠᠩ ᠴᠢᠩ᠂ ᠶᠤᠤ ᠸᠧᠨ ᠶᠤᠸᠠᠨ ᠤ 《ᠳᠦᠷᠪᠡᠨ ᠬᠦᠮᠦᠨ ᠦ ᠪᠦᠯᠦᠭ》 ᠨᠠᠮ ᠪᠠ ᠤᠯᠤᠰ ᠤᠨ ᠬᠠᠮᠤᠭ ᠤᠨ ᠳᠡᠭᠡᠳᠦ ᠤᠳᠤᠷᠢᠳᠬᠤ ᠡᠷᠬᠡ ᠶᠢ ᠡᠵᠡᠷᠬᠡᠨ ᠪᠤᠯᠢᠶᠠᠬᠤ ᠭᠡᠰᠡᠨ ᠣᠪ ᠶᠠᠪᠤᠭᠤᠯᠤᠯᠭ᠎ᠠ ᠪᠠᠨ ᠪᠡᠶᠡᠯᠡᠭᠦᠯᠬᠦ ᠶᠢᠨ ᠲᠦᠯᠦᠭᠡ᠂ ᠮᠠᠷᠺᠰ ᠤᠨ ᠦᠵᠡᠯ ᠦᠨ ᠲᠡᠦᠬᠡ ᠶᠢᠨ ᠰᠢᠨᠵᠢᠯᠡᠬᠦ ᠤᠬᠠᠭᠠᠨ ᠢ ᠳᠤᠷ᠎ᠠ ᠪᠠᠷ ᠢᠶᠡᠨ ᠦᠭᠡᠷᠡᠲᠡᠭᠦᠯᠦᠨ ᠳᠡᠯᠬᠢᠳᠡᠪᠡ᠃ ᠲᠡᠦᠬᠡ ᠶᠢ ᠭᠠᠵᠢᠭᠤᠳᠠᠭᠤᠯᠬᠤ ᠰᠢᠪᠰᠢᠭᠲᠦ ᠠᠷᠭ᠎ᠠ ᠪᠢᠰᠢᠷ ᠢᠶᠡᠷ ᠦᠨᠳᠦᠰᠦᠲᠡᠨ ᠦ ᠬᠠᠷᠢᠴᠠᠭ᠎ᠠ ᠶᠢ ᠵᠠᠪᠰᠠᠷᠲᠠᠭᠤᠯᠵᠤ᠂ ᠦᠨᠳᠦᠰᠦᠲᠡᠨ ᠦ ᠬᠠᠭᠠᠴᠠᠯ ᠭᠠᠷᠭᠠᠵᠤ ᠳᠤᠮᠳᠠᠳᠤ ᠶᠢᠨ ᠦᠨᠳᠦᠰᠦᠲᠡᠨ ᠨᠦᠬᠦᠳ ᠦᠨ ᠶᠡᠬᠡ ᠭᠡᠷ ᠪᠦᠯᠢ ᠶᠢᠨ ᠪᠦᠯᠬᠦᠮᠳᠡᠯ ᠢ ᠡᠪᠳᠡᠵᠦ᠂ ᠤᠯᠤᠰ ᠠᠴᠠ ᠪᠠᠨ ᠤᠷᠪᠠᠵᠤ ᠳᠠᠢᠰᠤᠨ ᠲᠠᠢ ᠰᠦᠯᠪᠡᠭᠡᠯᠳᠦᠭᠰᠡᠨ ᠶᠠᠪᠤᠳᠠᠯ ᠪᠤᠯ 《ᠳᠦᠷᠪᠡᠨ ᠬᠦᠮᠦᠨ ᠦ ᠪᠦᠯᠦᠭ》 ᠦᠨ ᠬᠤᠪᠢᠰᠬᠠᠯ ᠤᠨ ᠡᠰᠡᠷᠭᠦᠦ ᠨᠢᠭᠡᠨ ᠬᠦᠨᠳᠦ ᠤᠴᠢᠷ ᠶᠠᠯᠠᠲᠤ ᠠᠵᠢᠯᠯᠠᠭ᠎ᠠ ᠮᠦᠨ᠃
Original Literature No Original Paper
出自 内蒙古大学学报 1977年 第1期

联系我们


内蒙古大学图书馆
呼和浩特市大学西路235号
中国·内蒙古
P: (0471) 4992561
E: huangfeilong@imu.edu.cn